| | | | ᠮᠣᠩᠭᠤᠯᠴᠤᠳ ᠤᠨ ᠵᠢᠯ ᠤᠨ ᠭᠤᠷᠪᠠᠨ ᠤᠯᠠᠷᠢᠯ ᠳᠤ ᠨᠡᠭᠦᠳᠡᠯᠯᠡᠨ ᠮᠠᠯᠵᠢᠭᠠᠳ᠂ ᠡᠪᠦᠯ ᠤᠨ ᠤᠯᠠᠷᠢᠯ | ᠪᠤᠯᠬᠤ ᠳᠤ ᠡᠪᠦᠯᠵᠢᠶᠡᠨ ᠳᠡᠭᠡᠨ ᠬᠠᠷᠢᠵᠤ ᠡᠪᠦᠯᠵᠢᠳᠡᠭ ᠵᠠᠩᠰᠢᠯ ᠲᠠᠢ᠃ ᠬᠠᠪᠤᠷᠵᠢᠶ᠎ᠠ᠄ ᠤᠰᠤ ᠪᠡᠯᠴᠢᠭᠡᠷ ᠰᠠᠶᠢᠬᠠᠨ᠂ | ᠬᠠᠪᠤᠷ ᠡᠷᠲᠡ ᠨᠣᠭᠤᠭ᠎ᠠ ᠤᠷᠭᠤᠳᠠᠭ᠂ ᠨᠥᠮᠥᠷᠢ ᠡᠩᠭᠡᠷ ᠭᠠᠵᠠᠷ ᠢ ᠰᠣᠩᠭᠤᠨ ᠮᠣᠩᠭᠤᠯ ᠭᠡᠷ ᠢᠶᠠᠨ ᠪᠣᠰᠬᠠᠨ᠂ | ᠳᠦᠭᠦᠮ ᠢᠶᠠᠷ ᠬᠦᠷᠢᠶ᠎ᠡ ᠬᠠᠰᠢᠶ᠎ᠠ ᠪᠠᠷᠢᠵᠤ ᠮᠠᠯᠵᠢᠳᠠᠭ᠃ ᠵᠤᠰᠠᠯᠠᠩ᠄ ᠤᠰᠤ ᠪᠡᠯᠴᠢᠭᠡᠷ ᠰᠠᠶᠢᠨ᠂ ᠦᠶᠡᠷ | ᠤᠷᠤᠰᠬᠠᠯ ᠠᠴᠠ ᠵᠠᠶᠢᠯᠠᠰᠬᠢᠵᠦ᠂ ᠥᠨᠳᠥᠷ ᠳᠣᠪᠣᠷᠴᠠᠭ ᠭᠠᠵᠠᠷ ᠢ ᠰᠣᠩᠭᠤᠵᠤ ᠮᠣᠩᠭᠤᠯ ᠭᠡᠷ ᠢᠶᠠᠨ ᠪᠣᠰᠬᠠᠨ᠂ | ᠳᠦᠭᠦᠮ ᠢᠶᠠᠷ ᠰᠡᠷᠢᠭᠦᠨ ᠰᠠᠷᠠᠪᠴᠢ ᠬᠦᠷᠢᠶ᠎ᠡ ᠪᠠᠷᠢᠵᠤ ᠵᠤᠰᠠᠳᠠᠭ᠃ ᠨᠠᠮᠤᠷᠵᠢᠶ᠎ᠠ᠄ ᠡᠪᠡᠰᠦ ᠪᠡᠯᠴᠢᠭᠡᠷ ᠰᠡᠶᠢᠷᠡᠭ᠂ | ᠢᠯᠠᠭ᠎ᠠ ᠪᠠᠲᠠᠭᠠᠨ᠎ᠠ ᠴᠥᠭᠡᠨ ᠥᠨᠳᠦᠷᠯᠢᠭ ᠰᠡᠷᠢᠭᠦᠨ ᠭᠠᠵᠠᠷ ᠢ ᠰᠣᠩᠭᠤᠵᠤ ᠣᠲᠣᠷ ᠰᠠᠭᠤᠷᠢᠨ ᠪᠠᠶᠢᠭᠤᠯᠵᠤ | ᠮᠠᠯᠵᠢᠳᠠᠭ᠃ ᠡᠪᠦᠯᠵᠢᠶ᠎ᠡ᠄ ᠤᠤᠯ ᠨᠢ ᠡᠪᠦᠯᠵᠢᠶ᠎ᠡ ᠳᠤ ᠭᠤᠣᠯᠳᠠᠭᠤ ᠪᠠᠶᠢᠰᠢᠩ ᠭᠡᠷ᠂ ᠪᠥᠮᠪᠦᠭᠡ ᠭᠡᠷ᠂ ᠬᠤᠷᠤᠭ᠎ᠠ | ᠬᠠᠰᠢᠶ᠎ᠠ ᠲᠠᠢ ᠪᠠᠶᠢᠳᠠᠭ᠃ ᠭᠡᠷ ᠤᠨ ᠬᠤᠷᠤᠭ᠎ᠠ᠂ ᠦᠬᠡᠷ ᠤᠨ ᠬᠠᠰᠢᠶ᠎ᠠ᠂ ᠢᠮᠠᠭ᠎ᠠ ᠶᠢᠨ ᠬᠠᠰᠢᠶ᠎ᠠ᠂ ᠳᠤᠭᠤᠯ ᠤᠨ ᠬᠠᠰᠢᠶ᠎ᠠ᠂ | ᠡᠪᠡᠰᠦᠨ ᠬᠠᠰᠢᠶ᠎ᠠ᠂ ᠮᠣᠷᠢ ᠡᠯᠵᠢᠭᠡᠨ ᠰᠠᠷᠠᠪᠴᠢ ᠵᠡᠷᠭᠡ ᠳᠦᠷᠦᠯ ᠳᠡᠰ ᠢᠶᠠᠷ ᠨᠢ ᠬᠤᠪᠢᠶᠠᠵᠤ ᠬᠤᠪᠢ ᠬᠤᠪᠢᠨ ᠳᠤᠨᠢ | ᠠᠷᠠᠴᠢᠯᠠᠳᠠᠭ᠃ ᠬᠠᠪᠤᠷ ᠵᠤᠨ ᠨᠠᠮᠤᠷ ᠭᠤᠷᠪᠠᠨ ᠤᠯᠠᠷᠢᠯ ᠨᠡᠭᠦᠳᠡᠯᠯᠡᠨ ᠮᠠᠯᠵᠢᠳᠠᠭ ᠤᠨ ᠭᠤᠣᠯ ᠵᠣᠷᠢᠯᠭ᠎ᠠ ᠨᠢ | ᠮᠠᠯ ᠢᠶᠠᠨ ᠲᠠᠷᠭᠤ ᠬᠦᠴᠦ ᠰᠠᠶᠢᠨ ᠠᠪᠤᠭᠤᠯᠵᠤ᠂ ᠤᠰᠤᠨ ᠲᠠᠷᠭᠤ᠂ ᠳᠤᠰᠤᠨ ᠲᠠᠷᠭᠤ ᠶᠢᠨ ᠰᠠᠭᠤᠷᠢ ᠶᠢ ᠰᠠᠶᠢᠨ | ᠲᠠᠯᠪᠢᠵᠤ᠂ ᠡᠪᠦᠯᠵᠢᠶᠡᠨ ᠤ ᠪᠡᠯᠴᠢᠭᠡᠷ ᠡᠪᠡᠰᠦ ᠶᠢ ᠬᠠᠮᠠᠭᠠᠯᠠᠵᠤ ᠮᠠᠯ ᠢᠶᠠᠨ ᠰᠠᠶᠢᠨ ᠲᠡᠵᠢᠭᠡᠵᠦ ᠦᠷᠡᠵᠢᠭᠦᠯᠬᠦ ᠶᠢᠨ | ᠲᠥᠯᠥᠭᠡ ᠶᠤᠮ᠃ |