| | | | ᠵᠢᠯ ᠤᠨ ᠳᠥᠷᠪᠡᠨ ᠤᠯᠠᠷᠢᠯ ᠳᠤ ᠨᠠᠮᠤᠷ ᠪᠣᠯ ᠨᠢᠭᠡᠨ ᠲᠤᠶᠢᠯ ᠤᠨ ᠴᠢᠬᠤᠯᠠ ᠪᠡᠶ᠎ᠡ ᠰᠤᠪᠢᠯᠠᠯᠲᠠ ᠶᠢᠨ ᠤᠯᠠᠷᠢᠯ | ᠪᠣᠯᠣᠨ᠎ᠠ᠂ ᠤᠴᠢᠷ ᠨᠢ ᠬᠦᠢᠲᠡᠨ ᠰᠢᠭᠦᠳᠡᠷᠢ ᠥᠩᠭᠡᠷᠡᠭᠰᠡᠨ ᠤ ᠳᠠᠷᠠᠭ᠎ᠠ᠂ ᠠᠭᠤᠷ ᠠᠮᠢᠰᠬᠤᠯ ᠰᠡᠷᠢᠭᠦᠬᠡᠨ ᠪᠣᠯᠤᠭᠰᠠᠨ | ᠴᠤ᠂ ᠪᠦᠭᠦ ᠪᠡᠶ᠎ᠡ ᠮᠠᠰᠢ ᠠᠮᠠᠷᠬᠠᠨ ᠲᠠᠮᠢᠷ ᠲᠡᠩᠬᠡᠭᠡ ᠦᠭᠡᠢ ᠪᠤᠯᠬᠤ ᠪᠠ ᠵᠠᠯᠬᠠᠭᠤᠷᠠᠬᠤ ᠲᠥᠷᠥᠭᠳᠡᠯ ᠣᠷᠣᠳᠠᠭ ᠶᠤᠮ᠃ | ᠬᠡᠷᠪᠡ ᠡᠨᠡ ᠦᠶ᠎ᠡ ᠳᠤ ᠬᠠᠮᠢᠶ᠎ᠠ ᠪᠦᠬᠦᠢ ᠪᠡᠶ᠎ᠡ ᠰᠤᠪᠢᠯᠠᠯᠲᠠ ᠶᠢᠨ ᠠᠵᠢᠯ ᠢ ᠰᠠᠶᠢᠲᠤᠷ ᠬᠢᠵᠦ ᠴᠢᠳᠠᠪᠠᠯ ᠪᠡᠶ᠎ᠡ | ᠮᠠᠬᠠᠪᠤᠳ ᠢᠶᠠᠨ ᠰᠠᠶᠢᠬᠠᠨ ᠲᠣᠬᠢᠷᠠᠭᠤᠯᠵᠤ ᠴᠢᠳᠠᠬᠤ ᠪᠠᠷ ᠪᠠᠷᠠᠬᠤ ᠦᠭᠡᠢ ᠪᠠᠰᠠ ᠪᠡᠶ᠎ᠡ ᠮᠠᠬᠠᠪᠤᠳ ᠢᠶᠠᠨ ᠤᠯᠠᠮ | ᠴᠢᠭᠢᠷᠠᠭᠵᠢᠭᠤᠯᠵᠤ ᠴᠢᠳᠠᠨ᠎ᠠ᠃ | - ᠢᠳᠡᠭᠡᠨ ᠤᠮᠳᠠᠭᠠᠨ ᠤᠰᠤᠯᠢᠭ ᠰᠢᠮᠡᠯᠢᠭ ᠪᠠᠶᠢᠬᠤ ᠬᠡᠷᠡᠭᠲᠡᠢ
| - ᠠᠭᠤᠷ ᠠᠮᠢᠰᠬᠤᠯ ᠬᠠᠭᠤᠷᠠᠢ ᠪᠣᠯᠪᠠᠯ ᠠᠭᠤᠰᠬᠢ ᠶᠢ ᠠᠮᠠᠷᠬᠠᠨ ᠭᠡᠮᠲᠦᠭᠡᠵᠦ᠂ ᠪᠡᠶ᠎ᠡ ᠶᠢᠨ ᠰᠢᠩᠭᠡᠨ ᠢ ᠠᠮᠠᠷᠬᠠᠨ
| - ᠬᠤᠷᠣᠭᠳᠠᠭᠤᠯᠵᠤ᠂ ᠪᠡᠶ᠎ᠡ ᠮᠠᠬᠠᠪᠤᠳ ᠬᠠᠳᠠᠵᠤ ᠰᠢᠷᠭᠢᠭᠰᠡᠨ ᠮᠡᠲᠦ ᠪᠤᠯᠳᠠᠭ᠃ ᠡᠶᠢᠮᠦ ᠠᠴᠠ ︽ ᠨᠠᠮᠤᠷ ᠤᠨ
| - ᠤᠯᠠᠷᠢᠯ ᠳᠤ ᠪᠢᠯᠢᠭ ᠢ ᠲᠡᠵᠢᠭᠡᠬᠦ︾ ᠶᠢ ᠵᠢᠷᠤᠮᠯᠠᠵᠤ᠂ ᠪᠢᠯᠢᠭ ᠢ ᠰᠢᠮᠡᠵᠢᠭᠦᠯᠵᠦ ᠬᠠᠭᠤᠷᠠᠢ ᠶᠢ ᠵᠥᠭᠡᠯᠡᠷᠡᠭᠦᠯᠬᠦ᠂
| - ᠠᠭᠤᠰᠬᠢ ᠶᠢ ᠰᠢᠮᠡᠵᠢᠭᠦᠯᠬᠦ᠂ ᠬᠠᠯᠠᠭᠤᠨ ᠢ ᠠᠷᠢᠯᠭᠠᠵᠤ ᠬᠠᠯᠠᠭᠤᠨ ᠢ ᠪᠠᠭᠤᠷᠠᠭᠤᠯᠬᠤ ᠢᠳᠡᠰᠢ ᠶᠢ ᠰᠣᠩᠭᠤᠬᠤ
| - ᠬᠡᠷᠡᠭᠲᠡᠢ᠂ ᠵᠢᠱᠢᠶᠡᠯᠡᠪᠡᠯ ᠮᠥᠩᠭᠦᠨ ᠳᠡᠯᠳᠡᠦ᠂ ᠪᠠᠯ᠂ ᠮᠠᠭᠠᠵᠢ᠂ ᠪᠤᠷᠴᠠᠭ ᠤᠨ ᠵᠤᠲᠠᠩ᠂ ᠯᠢᠩᠬᠤ᠎ᠠ ᠶᠢᠨ ᠦᠨᠳᠦᠰᠦ᠂
| - ᠬᠤᠰᠢᠭ᠎ᠠ᠂ ᠯᠣᠬᠠᠱᠧᠩ᠂ ᠨᠤᠭᠤᠰᠤᠨ ᠥᠨᠳᠡᠭᠡ᠂ ᠥᠷᠭᠡᠰᠦᠲᠦ ᠨᠣᠭᠤᠭ᠎ᠠ᠂ ᠯᠤᠤᠪᠠᠩ᠂ ᠠᠷᠤᠷ᠎ᠠ᠂ ᠠᠯᠢᠮ᠎ᠠ᠂ ᠨᠢᠰᠢᠩᠭᠦ
| - ᠵᠡᠷᠭᠡ᠃
| - ᠠᠮᠠ ᠬᠠᠲᠠᠬᠤ᠂ ᠤᠮᠳᠠᠭᠠᠰᠬᠤ᠂ ᠬᠤᠭᠤᠯᠠᠢ ᠬᠠᠪᠤᠳᠴᠤ ᠡᠪᠡᠳᠬᠦ ᠵᠡᠷᠭᠡ ᠰᠢᠨᠵᠢ ᠲᠡᠮᠳᠡᠭ ᠢᠯᠡᠷᠡᠬᠦ ᠦᠶ᠎ᠡ ᠳᠤ
| - ᠰᠠᠷᠠᠨ᠎ᠠ᠂ ᠪᠣᠭᠤᠨᠢ ᠰᠠᠷᠠᠨ᠎ᠠ ᠶᠢᠨ ᠦᠨᠳᠦᠰᠦ᠂ ᠴᠢᠨ᠋ᠸ᠎ᠠ ᠶᠢᠨ ᠬᠠᠷᠮᠠᠭ ᠢ ᠤᠰᠤᠨ ᠳᠤ ᠳᠡᠪᠲᠦᠭᠡᠵᠦ ᠤᠤᠭᠤᠵᠤ
| - ᠪᠣᠯᠣᠨ᠎ᠠ᠃ ᠨᠠᠰᠤᠲᠠᠶᠢᠴᠤᠳ ᠤᠨ ᠠᠷᠠᠰᠤ ᠵᠠᠭᠠᠲᠤᠨᠠᠬᠤ ᠨᠢ ᠣᠯᠠᠩᠬᠢ ᠳᠠᠭᠠᠨ ᠬᠡᠢ ᠴᠢᠰᠤ ᠳᠤᠲᠠᠭᠳᠠᠭᠰᠠᠨ ᠠᠴᠠ
| - ᠪᠣᠯᠤᠭᠰᠠᠨ ᠶᠤᠮ᠂ ᠢᠳᠡᠭᠡᠨ ᠤᠮᠳᠠᠭᠠᠨ ᠤ ᠵᠠᠰᠠᠯ ᠳᠡᠭᠡᠷ᠎ᠡ ᠴᠢᠪᠠᠭ᠎ᠠ᠂ ᠴᠢᠨ᠋ᠸ᠎ᠠ ᠶᠢᠨ ᠬᠠᠷᠮᠠᠭ᠂ ᠰᠠᠷᠠᠨ᠎ᠠ᠂ ᠨᠠᠩᠭᠢ
| - ᠴᠠᠭᠠᠨ ᠵᠡᠷᠭᠡ ᠶᠢᠨ ᠬᠡᠢ ᠴᠢᠰᠤ ᠶᠢ ᠨᠥᠬᠦᠬᠦ ᠢᠳᠡᠭᠡᠨ ᠢ ᠵᠣᠬᠢᠰᠲᠠᠢ ᠰᠣᠩᠭᠤᠵᠤ ᠪᠣᠯᠣᠨ᠎ᠠ᠃ ᠠᠯᠢᠮ᠎ᠠ ᠪᠣᠯ
| - ᠨᠠᠮᠤᠷ ᠤᠨ ᠤᠯᠠᠷᠢᠯ ᠳᠤ ᠠᠭᠤᠰᠬᠢ ᠶᠢ ᠵᠥᠭᠡᠯᠡᠯᠡᠬᠦ ᠬᠠᠮᠤᠭ ᠰᠠᠶᠢᠨ ᠵᠢᠮᠢᠰ ᠮᠥᠨ᠃ ᠬᠡᠦᠬᠡᠳ ᠤᠨ ᠬᠤᠳᠣᠭᠤᠳᠤ
| - ᠳᠡᠯᠢᠭᠦᠦ ᠮᠠᠭᠤ᠂ ᠨᠠᠰᠤᠨ ᠳᠤ ᠭᠦᠷᠦᠭᠰᠡᠳ ᠤᠨ ᠪᠡᠶ᠎ᠡ ᠨᠢ ᠬᠦᠢᠲᠡᠨ ᠵᠡᠷᠭᠡ ᠳᠤ ᠬᠠᠮᠤᠭ ᠰᠠᠶᠢᠨ ᠨᠢ ᠵᠢᠩᠨᠡᠵᠦ
| - ᠢᠳᠡᠨ᠎ᠡ᠂ ᠪᠠᠰᠠ ᠠᠯᠢᠮ᠎ᠠ ᠶᠢᠨ ᠰᠢᠭᠦᠰᠦ ᠴᠢᠨᠠᠵᠤ ᠤᠤᠭᠤᠵᠤ ᠪᠣᠯᠣᠨ᠎ᠠ᠃
|
|
| - ᠠᠭᠤᠰᠬᠢ ᠶᠢ ᠲᠡᠵᠢᠭᠡᠬᠦ ᠳᠤ ᠪᠡᠶ᠎ᠡ ᠪᠠᠨ ᠬᠥᠳᠡᠯᠭᠡᠬᠦ ᠬᠡᠷᠡᠭᠲᠡᠢ ᠤᠯᠠᠷᠢᠯ ᠤᠨ ᠬᠤᠪᠢᠷᠠᠯᠲᠠ ᠳᠤ ᠨᠡᠩ ᠰᠠᠶᠢᠨ
| - ᠵᠣᠬᠢᠴᠠᠬᠤ ᠶᠢᠨ ᠲᠥᠯᠥᠭᠡ᠂ ᠵᠣᠬᠢᠰᠲᠠᠢ ᠪᠣᠯᠪᠠᠰᠤᠷᠠᠵᠤ᠂ ᠠᠭᠤᠰᠬᠢᠨ ᠤ ᠬᠡᠢ ᠶᠢ ᠲᠣᠬᠢᠷᠠᠭᠤᠯᠤᠨ᠂ ᠪᠡᠶ᠎ᠡ ᠮᠠᠬᠠᠪᠤᠳ ᠤᠨ
| - ᠡᠪᠡᠳᠴᠢᠨ ᠢ ᠡᠰᠡᠷᠭᠦᠴᠡᠬᠦ ᠴᠢᠳᠠᠪᠤᠷᠢ ᠶᠢ ᠳᠡᠭᠡᠭᠰᠢᠯᠡᠭᠦᠯᠵᠦ᠂ ᠵᠠᠷᠢᠮ ᠬᠦᠴᠢᠯᠲᠥ᠋ᠷᠥᠭᠴᠢᠲᠦ ᠬᠥᠳᠡᠯᠭᠡᠭᠡᠨ ᠢ ᠬᠢᠬᠦ
| - ᠬᠡᠷᠡᠭᠲᠡᠢ᠂ ᠢᠳᠡᠷ ᠵᠠᠯᠠᠭᠤ ᠬᠥᠮᠥᠨ ᠠᠭᠤᠯᠠ ᠠᠪᠠᠷᠢᠬᠤ ᠬᠥᠳᠡᠯᠭᠡᠭᠡᠨ ᠢ ᠰᠣᠩᠭᠤᠵᠤ᠂ ᠠᠭᠤᠰᠬᠢᠨ ᠤ ᠠᠮᠢᠰᠬᠤᠯ ᠤᠨ
| - ᠪᠠᠭᠲᠠᠭᠠᠮᠵᠢ ᠶᠢ ᠨᠡᠮᠡᠭᠳᠡᠭᠦᠯᠦᠨ᠂ ᠴᠢᠰᠤᠨ ᠤ ᠡᠷᠭᠢᠯᠲᠡ ᠶᠢ ᠲᠦᠷᠭᠡᠳᠬᠡᠵᠦ᠂ ᠬᠤᠣᠷᠲᠤ ᠡᠳ᠋ ᠢ
| - ᠭᠠᠳᠠᠭᠰᠢᠯᠠᠭᠤᠯᠬᠤ ᠳᠤ ᠠᠰᠢᠭᠲᠠᠢ ᠪᠣᠯᠭᠠᠨ᠎ᠠ᠃ ᠨᠠᠰᠤᠲᠠᠶᠢᠴᠤᠳ ᠨᠡᠷᠡᠬᠦᠢ ᠨᠢᠳᠤᠷᠭ᠎ᠠ ᠪᠣᠯᠪᠠᠰᠤᠷᠠᠬᠤ ᠨᠢ ᠳᠥᠷᠪᠡᠨ
| - ᠮᠥᠴᠢ ᠶᠢ ᠳᠡᠯᠭᠡᠨ ᠬᠡᠢ ᠴᠢᠰᠤ ᠶᠢ ᠨᠡᠪᠲᠡᠷᠡᠭᠦᠯᠦᠨ᠎ᠡ᠃ ᠬᠢᠲᠠᠳ ᠡᠮᠨᠡᠯᠭᠡ ᠳᠤ ᠨᠠᠮᠤᠷ ᠪᠣᠯ ᠲᠠᠪᠤᠨ
| - ᠮᠠᠬᠠᠪᠤᠳ ᠤᠨ ᠠᠯᠲᠠ ᠳᠤ ᠬᠠᠷᠢᠶᠠᠯᠠᠭᠳᠠᠨ᠎ᠠ᠂ ᠠᠯᠲᠠ ᠨᠢ ᠠᠭᠤᠰᠬᠢ ᠲᠠᠢ ᠵᠣᠬᠢᠴᠠᠨ᠎ᠠ᠂ ᠡᠶᠢᠮᠦ ᠠᠴᠠ ᠠᠭᠤᠰᠬᠢᠨ ᠤ
| - ᠬᠡᠢ ᠪᠠᠭᠤᠷᠠᠢ ᠬᠥᠮᠥᠰ ᠨᠠᠮᠤᠷ ᠤᠨ ᠤᠯᠠᠷᠢᠯ ᠳᠤ ᠠᠮᠠᠷᠬᠠᠨ ᠵᠠᠷᠢᠮ ᠠᠭᠤᠰᠬᠢᠨ ᠰᠢᠰᠲ᠋ᠧᠮ ᠤᠨ ᠡᠪᠡᠳᠴᠢᠨ
| - ᠵᠢᠱᠢᠶᠡᠯᠡᠪᠡᠯ᠂ ᠲᠠᠭᠰᠢᠭᠤᠷ᠂ ᠬᠠᠨᠢᠶᠠᠳᠤ᠂ ᠠᠭᠰᠠᠭ᠎ᠠ ᠵᠡᠷᠭᠡ ᠪᠣᠯᠣᠨ᠎ᠠ᠃ ᠬᠤᠭᠤᠯᠠᠢ ᠬᠠᠪᠤᠳᠴᠤ ᠡᠪᠡᠳᠬᠦ᠂ ᠬᠠᠲᠠᠬᠤ᠂
| - ᠰᠥᠭᠡᠩᠭᠢᠳᠡᠭᠦ ᠵᠡᠷᠭᠡ ᠡᠪᠡᠳᠴᠢᠨ ᠤ ᠰᠢᠨᠵᠢ ᠢᠯᠡᠷᠡᠵᠦ᠂ ᠬᠡᠷᠪᠡ ᠪᠢᠯᠢᠭ ᠪᠠᠷᠠᠭᠳᠠᠵᠤ ᠠᠭᠤᠰᠬᠢ ᠬᠠᠭᠤᠷᠠᠶᠢᠳᠠᠬᠤ
| - ᠵᠠᠯᠭᠢᠭᠤᠷ ᠲᠥᠪᠥᠩᠬᠡᠢ ᠶᠢᠨ ᠦᠷᠪᠢᠰᠦᠯ ᠳᠤ ᠲᠣᠭᠠᠴᠠᠭᠳᠠᠪᠠᠯ᠂ ᠪᠠᠯ ᠲᠠᠢ ᠯᠢᠩᠬᠤ᠎ᠠ ᠶᠢᠨ ᠰᠢᠭᠦᠰᠦ ᠲᠣᠬᠢᠷᠠᠭᠤᠯᠵᠤ
| - ᠤᠤᠭᠤᠪᠠᠯ ᠰᠠᠶᠢᠨ᠃ ᠪᠠᠯ ᠨᠢ ᠬᠠᠭᠤᠷᠠᠢ ᠶᠢ ᠵᠥᠭᠡᠯᠡᠷᠡᠭᠦᠯᠬᠦ᠂ ᠪᠢᠯᠢᠭ ᠢ ᠰᠢᠮᠡᠵᠢᠭᠦᠯᠵᠦ ᠵᠢᠰᠦ ᠭᠤᠶᠣᠯᠠᠬᠤ᠂
| - ᠳᠠᠷᠤᠯᠲᠠ ᠶᠢ ᠪᠠᠭᠤᠷᠠᠭᠤᠯᠤᠨ ᠬᠤᠷᠭᠤᠰᠤᠯᠠᠬᠤ ᠶᠢ ᠵᠠᠰᠠᠳᠠᠭ᠂ ᠯᠢᠩᠬᠤ᠎ᠠ ᠶᠢᠨ ᠦᠨᠳᠦᠰᠦ ᠨᠢ ᠬᠠᠷᠢᠨ ᠬᠠᠯᠠᠭᠤᠨ ᠢ
| - ᠠᠷᠢᠯᠭᠠᠵᠤ ᠴᠢᠰᠤ ᠶᠢ ᠰᠡᠷᠢᠭᠦᠴᠡᠭᠦᠯᠬᠦ᠂ ᠰᠡᠳᠬᠢᠯ ᠰᠠᠨᠠᠭ᠎ᠠ ᠶᠢ ᠲᠠᠶᠢᠪᠤᠰᠢᠷᠠᠭᠤᠯᠬᠤ ᠦᠢᠯᠡᠳᠦᠯ ᠲᠠᠢ ᠲᠤᠯᠠ
| - ᠯᠢᠩᠬᠤ᠎ᠠ ᠶᠢᠨ ᠦᠨᠳᠦᠰᠦ 500 ᠭᠷᠡᠮ᠂ ᠵᠥᠭᠡᠢ ᠶᠢᠨ ᠪᠠᠯ 20 ᠭᠷᠡᠮ ᠢ ᠠᠪᠴᠤ᠂ ᠤᠷᠢᠳ ᠢᠶᠠᠷ ᠰᠢᠨ᠎ᠡ ᠰᠣᠷᠭᠤᠭ
| - ᠯᠢᠩᠬᠤ᠎ᠠ ᠶᠢᠨ ᠦᠨᠳᠦᠰᠦ ᠶᠢ ᠤᠬᠢᠶᠠᠵᠤ ᠴᠡᠪᠡᠷᠯᠡᠭᠰᠡᠨ ᠤ ᠳᠠᠷᠠᠭ᠎ᠠ ᠰᠢᠭᠦᠰᠦ ᠪᠣᠯᠭᠠᠨ ᠰᠢᠬᠠᠵᠤ᠂ ᠳᠠᠭᠢᠨ ᠪᠠᠯ ᠬᠢᠵᠦ
| - ᠤᠤᠭᠤᠵᠤ ᠪᠣᠯᠣᠨ᠎ᠠ᠃
| -
| - ᠠᠷᠭ᠎ᠠ ᠶᠢ ᠲᠡᠵᠢᠭᠡᠬᠦ ᠳᠤ ᠳᠤᠯᠠᠭᠠᠨ ᠢ ᠠᠩᠬᠠᠷᠬᠤ ᠬᠡᠷᠡᠭᠲᠡᠢ ᠨᠠᠮᠤᠷ ᠪᠣᠯᠪᠠᠯ ᠠᠷᠭ᠎ᠠ ᠬᠡᠢ ᠠᠭᠠᠵᠢᠮ ᠢᠶᠠᠷ
| - ᠬᠤᠷᠢᠶᠠᠭᠳᠠᠵᠤ᠂ ᠪᠢᠯᠢᠭ ᠬᠡᠢ ᠠᠭᠠᠵᠢᠮ ᠢᠶᠠᠷ ᠣᠷᠳᠣ ᠪᠤᠯᠳᠠᠭ᠂ ᠭᠠᠭᠴᠠ ᠬᠦ ᠠᠷᠭ᠎ᠠ ᠬᠡᠢ ᠶᠢ ᠭᠦᠢᠴᠡᠳ
| - ᠲᠥᠪᠯᠡᠷᠡᠭᠦᠯᠪᠡᠯ ᠰᠠᠶ᠋ᠢ ᠡᠪᠦᠯ ᠤᠨ ᠬᠦᠢᠲᠡᠨ ᠠᠴᠠ ᠠᠶᠤᠬᠤ ᠦᠭᠡᠢ ᠪᠠᠶᠢᠳᠠᠭ᠃ ᠠᠷᠭ᠎ᠠ ᠬᠡᠢ ᠶᠢ ᠬᠤᠷᠢᠶᠠᠬᠤ ᠳᠤ
| - ᠠᠷᠤ ᠨᠢᠷᠤᠭᠤ ᠶᠢ ᠳᠤᠯᠠᠭᠠᠯᠠᠬᠤ ᠬᠡᠷᠡᠭᠲᠡᠢ᠃ ᠡᠭᠦᠨ ᠠᠴᠠ ᠭᠠᠳᠠᠨ᠎ᠠ᠂ ᠤᠨᠲᠠᠬᠤ ᠳᠠᠭᠠᠨ ᠴᠣᠩᠬᠤ ᠪᠠᠨ ᠬᠠᠭᠠᠵᠤ᠂
| - ᠬᠦᠢᠲᠡᠨ ᠭᠡᠮ ᠳᠤ ᠲᠠᠭᠠᠷᠢᠬᠳᠠᠬᠤ ᠠᠴᠠ ᠰᠡᠷᠭᠡᠶᠢᠯᠡᠬᠦ ᠬᠡᠷᠡᠭᠲᠡᠢ᠃ ᠨᠠᠮᠤᠷ ᠪᠣᠯᠪᠠᠯ ᠬᠤᠳᠣᠭᠤᠳᠤ ᠭᠡᠳᠡᠰᠦᠨ ᠤ
| - ᠠᠵᠢᠯᠯᠠᠭ᠎ᠠ ᠠᠨᠠᠢ ᠬᠥᠮᠥᠰ ᠤᠨ ᠬᠤᠳᠣᠭᠤᠳᠤᠨ ᠬᠦᠴᠢᠯ᠂ ᠬᠤᠳᠣᠭᠤᠳᠤ ᠴᠢᠨᠦᠷᠡᠬᠦ᠂ ᠬᠤᠳᠣᠭᠤᠳᠤ ᠡᠪᠡᠳᠬᠦ ᠨᠢ
| - ᠣᠯᠠᠰᠢᠷᠠᠳᠠᠭ᠃ ᠵᠢᠭᠠᠬᠠᠨ ᠼᠤᠤ ᠲᠠᠢ ᠭᠠ ᠶᠢ ᠳᠡᠪᠲᠦᠭᠡᠵᠦ ᠬᠦᠢᠲᠡᠨ ᠬᠡᠢ ᠶᠢ ᠬᠥᠭᠡᠭᠡᠵᠦ ᠠᠷᠭ᠎ᠠ ᠬᠡᠢ ᠶᠢ
| - ᠳᠡᠭᠡᠭᠰᠢᠯᠡᠭᠦᠯᠦᠨ᠎ᠡ᠂ ᠡᠭᠦᠨ ᠳᠤ ᠰᠢᠨ᠎ᠡ ᠰᠣᠷᠭᠤᠭ ᠲᠦᠭᠦᠬᠡᠢ ᠭᠠ ᠶᠢ ᠬᠡᠰᠡᠭᠯᠡᠨ ᠬᠡᠷᠴᠢᠵᠦ᠂ ᠵᠢᠵᠢᠭ ᠯᠣᠩᠬᠤ ᠣᠯᠵᠤ
| - ᠼᠤᠤ ᠪᠠᠷ ᠳᠡᠪᠲᠦᠭᠡᠭᠡᠳ ᠥᠷᠯᠥᠭᠡ ᠪᠦᠷᠢ ᠥᠯᠥᠨ ᠢᠶᠠᠷ ᠬᠤᠶᠠᠷ ᠭᠤᠷᠪᠠᠨ ᠬᠡᠰᠡᠭ ᠢ ᠢᠳᠡᠨ᠎ᠡ᠃ ᠢᠯᠠᠩᠭᠤᠶ᠎ᠠ
| - ᠢᠰᠬᠦᠯᠡᠩ ᠤᠰᠤ ᠪᠠᠷ ᠪᠥᠭᠡᠯᠵᠢᠬᠦ᠂ ᠰᠠᠭᠤᠯᠭᠠᠬᠤ᠂ ᠬᠥᠯ ᠭᠠᠷ ᠳᠠᠭᠠᠷᠠᠳᠠᠭ ᠬᠥᠮᠥᠰ ᠲᠤ ᠡᠨᠡ ᠠᠷᠭ᠎ᠠ ᠮᠠᠰᠢ
| - ᠲᠤᠰᠠᠲᠠᠢ᠃ ᠬᠢᠲᠠᠳ ᠡᠮᠨᠡᠯᠭᠡ ᠶᠢᠨ ᠪᠡᠶ᠎ᠡ ᠰᠤᠪᠢᠯᠠᠯᠲᠠ ᠶᠢᠨ ᠡᠷᠳᠡᠮᠲᠡᠳ ᠨᠠᠮᠤᠷ ᠤᠨ ᠤᠯᠠᠷᠢᠯ ᠳᠤ ᠥᠷᠯᠥᠭᠡ
| - ᠪᠦᠷᠢ ᠰᠢᠩᠭᠡᠨ ᠪᠤᠳᠠᠭ᠎ᠠ ᠢᠳᠡᠬᠦ ᠶᠢ ᠰᠠᠨᠠᠭᠠᠴᠢᠯᠠᠳᠠᠭ᠂ ᠤᠴᠢᠷ ᠨᠢ ᠨᠠᠮᠤᠷ ᠤᠨ ᠡᠬᠢ ᠪᠠᠷ ᠳᠡᠯᠢᠭᠦᠦ ᠬᠤᠳᠣᠭᠤᠳᠤ
| - ᠬᠤᠭᠤᠰᠤᠷᠠᠵᠤ᠂ ᠡᠪᠡᠳᠴᠢᠨ ᠢ ᠡᠰᠡᠷᠭᠦᠴᠡᠬᠦ ᠴᠢᠳᠠᠪᠤᠷᠢ ᠮᠠᠭᠤᠳᠠᠳᠠᠭ᠃ ᠡᠨᠡ ᠦᠶ᠎ᠡ ᠳᠤ ᠬᠡᠷᠪᠡ ᠪᠦᠯᠢᠶᠡᠨ ᠢᠳᠡᠭᠡᠨ
| - ᠢᠳᠡᠬᠦ᠂ ᠣᠨᠴᠠᠭᠠᠶᠢᠯᠠᠨ ᠬᠠᠯᠠᠭᠤᠨ ᠡᠮᠲᠦ ᠬᠤᠭᠤᠯᠠ ᠢᠳᠡᠪᠡᠯ ᠪᠡᠶ᠎ᠡ ᠳᠤ ᠰᠠᠶᠢᠨ᠂ ᠵᠢᠱᠢᠶᠡᠯᠡᠪᠡᠯ ᠰᠠᠷᠠᠨ᠎ᠠ
| - ᠯᠢᠩᠬᠤ᠎ᠠ ᠶᠢᠨ ᠦᠷ᠎ᠡ ᠲᠠᠢ ᠰᠢᠩᠭᠡᠨ ᠪᠤᠳᠠᠭ᠎ᠠ ᠮᠡᠲᠦ᠃ ᠡᠭᠦᠨ ᠠᠴᠠ ᠭᠠᠳᠠᠨ᠎ᠠ ᠲᠤᠲᠤᠷᠭ᠎ᠠ᠂ ᠰᠢᠯᠦᠬᠡᠢ ᠲᠤᠲᠤᠷᠭ᠎ᠠ
| - ᠨᠢ ᠪᠦᠷ ᠳᠡᠯᠢᠭᠦᠦ ᠬᠤᠳᠣᠭᠤᠳᠤ ᠶᠢ ᠰᠠᠶᠢᠵᠢᠷᠠᠭᠤᠯᠵᠤ᠂ ᠬᠡᠢ ᠶᠢ ᠨᠥᠬᠦᠬᠦ ᠦᠢᠯᠡᠳᠦᠯ ᠢᠶᠠᠷ ᠮᠠᠰᠢ ᠰᠠᠶᠢᠨ ᠪᠠᠶᠢᠳᠠᠭ᠃
|
|
| - ᠬᠡᠢ ᠴᠢᠰᠤ ᠶᠢ ᠨᠥᠬᠦᠬᠦ ᠳᠤ ᠡᠷᠲᠡ ᠤᠨᠲᠠᠬᠤ ᠬᠡᠷᠡᠭᠲᠡᠢ ︽ᠬᠤᠸᠠᠩᠳᠢ ᠶᠢᠨ ᠳᠣᠲᠣᠷ ᠡᠮᠨᠡᠯᠭᠡ︾ ᠳᠤ ᠡᠷᠲᠡ
| - ᠤᠨᠲᠠᠵᠤ ᠡᠷᠲᠡ ᠪᠤᠰᠬᠤ ᠨᠢ ᠨᠠᠮᠤᠷ ᠤᠨ ᠤᠯᠠᠷᠢᠯ ᠤᠨ ᠣᠨᠴᠠᠯᠢᠭ ᠲᠤ ᠵᠣᠬᠢᠴᠠᠬᠤ ᠶᠢᠨ ᠲᠥᠯᠥᠭᠡ ᠭᠡᠵᠦ
| - ᠲᠡᠮᠳᠡᠭᠯᠡᠵᠡᠢ᠃ ᠣᠷᠣᠢ ᠶᠢᠨ 11 ᠴᠠᠭ ᠠᠴᠠ ᠡᠮᠦᠨ᠎ᠡ ᠤᠨᠲᠠᠵᠤ᠂ ᠥᠷᠯᠥᠭᠡ ᠶᠢᠨ 6 ᠴᠠᠭ ᠤᠨ ᠦᠶ᠎ᠡ ᠪᠠᠷ ᠪᠣᠰᠪᠠᠯ
| - ᠨᠡᠯᠢᠶᠡᠳ ᠲᠣᠬᠢᠷᠠᠮᠵᠢᠲᠠᠢ᠃ ᠦᠷᠭᠦᠯᠵᠢ ᠰᠥᠨᠢᠵᠢᠨ ᠠᠵᠢᠯᠯᠠᠳᠠᠭ ᠬᠥᠮᠥᠨ ᠴᠠᠭ ᠲᠤᠬᠠᠢ ᠳᠤᠨᠢ ᠴᠢᠨᠠᠷ
| - ᠰᠠᠶᠢᠲᠠᠢ ᠤᠭᠤᠷᠠᠭ ᠪᠣᠯᠣᠨ ᠸᠢᠲ᠋ᠠᠮᠢᠨ A ᠨᠥᠬᠦᠬᠦ ᠬᠡᠷᠡᠭᠲᠡᠢ᠃ ᠣᠷᠣᠢ ᠤᠨᠲᠠᠬᠤ ᠠᠴᠠ ᠪᠠᠨ ᠡᠮᠦᠨ᠎ᠡ ᠬᠥᠯ ᠢᠶᠠᠨ
| - ᠳᠡᠪᠲᠦᠭᠡᠪᠡᠯ ᠨᠣᠶᠢᠷ ᠬᠤᠯᠵᠢᠬᠤ ᠶᠢ ᠰᠡᠷᠭᠡᠶᠢᠯᠡᠨ᠎ᠡ᠃ ᠡᠭᠦᠨ ᠠᠴᠠ ᠭᠠᠳᠠᠨ᠎ᠠ᠂ ᠥᠪᠡᠷ ᠢ ᠪᠠᠨ
| - ᠲᠣᠬᠢᠷᠠᠭᠤᠯᠬᠤ ᠪᠠᠷ ᠳᠡᠮᠵᠢᠨ ᠬᠡᠢ ᠴᠢᠰᠤ ᠶᠢ ᠨᠥᠬᠦᠵᠦ ᠪᠣᠯᠣᠨ᠎ᠠ᠂ ᠢᠳᠡᠭᠡᠨ ᠤᠮᠳᠠᠭᠠᠨ ᠤ ᠲᠠᠯ᠎ᠠ ᠪᠠᠷ ᠭᠤᠱᠤᠭᠤᠨ᠂
| - ᠰᠡᠷᠢᠭᠦᠨ᠂ ᠬᠦᠢᠲᠡᠨ ᠢᠳᠡᠭᠡᠨ ᠢ ᠪᠠᠭ᠎ᠠ ᠢᠳᠡᠵᠦ᠂ ᠰᠢᠩᠭᠡᠨ ᠰᠢᠮᠡᠯᠢᠭ ᠢᠳᠡᠭᠡᠨ ᠢᠶᠠᠷ ᠭᠤᠣᠯ ᠪᠣᠯᠭᠠᠨ᠎ᠠ᠃ ᠤᠯᠠᠭᠠᠨ
| - ᠴᠢᠪᠠᠭ᠎ᠠ ᠲᠠᠢ ᠥᠨᠳᠡᠭᠡᠨ ᠱᠥᠯᠥ ᠬᠡᠢ ᠴᠢᠰᠤ ᠶᠢ ᠰᠢᠮᠡᠵᠢᠭᠦᠯᠵᠦ ᠴᠢᠳᠠᠨ᠎ᠠ᠃ ᠰᠦᠨ ᠣᠷᠬᠤᠳᠠᠢ 9 ᠭᠷᠡᠮ᠂ ᠤᠯᠠᠭᠠᠨ
| - ᠴᠢᠪᠠᠭ᠎ᠠ 20 ᠭᠷᠡᠮ᠂ ᠤᠯᠠᠭᠠᠨ ᠪᠤᠷᠴᠠᠭ 20 ᠭᠷᠡᠮ᠂ ᠬᠤᠯᠢᠮ᠎ᠠ ᠶᠢᠨ ᠴᠥᠮ᠎ᠡ 20 ᠭᠷᠡᠮ ᠢ ᠤᠬᠢᠶᠠᠨ ᠴᠡᠪᠡᠷᠯᠡᠭᠡᠳ
| - ᠬᠠᠮᠲᠤ ᠲᠣᠭᠤᠭᠠᠨ ᠳᠠᠭᠠᠨ ᠬᠢᠵᠦ᠂ ᠪᠤᠷᠠᠮ 20 ᠭᠷᠡᠮ᠂ ᠵᠣᠬᠢᠬᠤ ᠬᠡᠮᠵᠢᠶᠡᠨ ᠤ ᠤᠰᠤ ᠨᠡᠮᠡᠵᠦ ᠴᠢᠨᠠᠵᠤ ᠪᠤᠯᠭᠤᠨ᠎ᠠ᠃
| - ᠡᠨᠡ ᠨᠢ ᠨᠠᠮᠤᠷ ᠤᠨ ᠰᠡᠷᠢᠭᠦᠦ ᠳᠤ ᠪᠡᠶ᠎ᠡ ᠲᠠᠮᠢᠷᠳᠠᠨ ᠰᠤᠯᠠᠷᠠᠬᠤ ᠶᠢ ᠵᠠᠰᠠᠬᠤ ᠳᠤ ᠲᠤᠰᠠᠲᠠᠢ᠃ ︵︽ᠠᠮᠢ ᠨᠠᠰᠤ
| - ᠴᠠᠭ ᠤᠨ ᠰᠣᠨᠢᠨ︾ ᠠᠴᠠ ᠣᠷᠴᠢᠭᠤᠯᠤᠨ ᠨᠠᠶᠢᠷᠠᠭᠤᠯᠪᠠ︶
|
|
|
| ᠁ |