ᠮᠧᠩ ᠨᠧᠩ ᠵᠢᠨ‌‍ᠱᠠᠨ ᠥᠷᠭᠡᠳᠬᠡᠨ ᠪᠠᠶᠢᠭᠤᠯᠬᠤ ᠢᠨᠵᠧᠨᠧᠷᠢᠩ ᠤᠨ ᠰᠦᠯᠵᠢᠶᠡᠨ ᠳᠤ ᠵᠠᠯᠭᠠᠬᠤ ᠢᠨᠵᠧᠨᠧᠷᠢᠩ ᠤᠨ ᠨᠡᠶᠢᠭᠡᠮ ᠤᠨ ᠲᠣᠭᠲᠠᠭᠤᠨ ᠤ ᠲᠦᠭᠰᠢᠭᠦᠷᠢ ᠶᠢ ᠦᠨᠡᠯᠡᠨ ᠵᠢᠱᠢᠬᠦ ᠠᠰᠠᠭᠤᠨ ᠯᠠᠪᠯᠠᠬᠤ ᠦᠢᠯᠡᠴᠢᠯᠡᠭᠡᠨ ᠤ ᠮᠡᠳᠡᠭᠡ ᠵᠠᠩᠭᠢ ᠶᠢ ᠢᠯᠡ ᠨᠡᠶᠢᠲᠡᠯᠡᠬᠦ
ᠨᠡᠶᠢᠲᠡᠯᠡᠭᠰᠡᠨ ᠴᠠᠭ᠄
2024/11/7
       ᠥᠪᠥᠷ ᠮᠣᠩᠭᠤᠯ ᠤᠨ ᠴᠠᠬᠢᠯᠭᠠᠨ ᠬᠦᠴᠦᠨ ︵ᠪᠦᠯᠦᠭᠯᠡᠯ︶ ᠤ ᠬᠢᠵᠠᠭᠠᠷᠲᠤ ᠬᠠᠷᠢᠭᠤᠴᠠᠯᠭᠠᠲᠤ ᠺᠣᠮᠫᠠᠨᠢ ᠶᠢᠨ ᠥᠪᠥᠷ ᠮᠣᠩᠭᠤᠯ ᠤᠨ ᠬᠡᠲᠦ ᠥᠨᠳᠥᠷ ᠬᠦᠴᠦᠳᠡᠯᠲᠦ ᠴᠠᠬᠢᠯᠭᠠᠨ ᠬᠠᠩᠭᠠᠬᠤ ᠬᠤᠪᠢᠶᠠᠷᠢ ᠺᠣᠮᠫᠠᠨᠢ ᠶᠢᠨ ᠪᠡᠯᠡ ᠣᠷᠣᠭᠤᠯᠤᠨ ᠪᠦᠲᠦᠭᠡᠨ ᠪᠠᠶᠢᠭᠤᠯᠤᠭᠰᠠᠨ ᠮᠧᠩ ᠨᠧᠩ ᠶᠢᠨ ᠱᠠᠨ ᠤ ᠥᠷᠭᠡᠳᠬᠡᠨ ᠪᠠᠶᠢᠭᠤᠯᠬᠤ ᠢᠨᠵᠧᠨᠧᠷᠢᠩ ᠤᠨ ᠰᠦᠯᠵᠢᠶᠡᠨ ᠳᠤ ᠵᠠᠯᠭᠠᠬᠤ ᠢᠨᠵᠧᠨᠧᠷᠢᠩ ᠨᠢ ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠴᠢᠬᠤᠯᠠ ᠶᠡᠭᠡ ᠲᠣᠭᠲᠠᠮᠠᠯ ᠬᠥᠷᠥᠩᠭᠡ ᠶᠢᠨ ᠪᠡᠯᠡ ᠣᠷᠣᠭᠤᠯᠤᠯᠲᠠ ᠶᠢᠨ ᠲᠥᠷᠥᠯ ᠵᠦᠢᠯ ᠤᠨ ᠪᠦᠲᠦᠭᠡᠨ ᠪᠠᠶᠢᠭᠤᠯᠤᠯᠲᠠ ᠶᠢᠨ ᠨᠡᠶᠢᠭᠡᠮ ᠤᠨ ᠲᠣᠭᠲᠠᠭᠤᠨ ᠪᠠᠶᠢᠳᠠᠯ ᠤᠨ ᠲᠦᠭᠰᠢᠭᠦᠷᠢ ᠶᠢ ᠦᠨᠡᠯᠡᠨ ᠵᠢᠱᠢᠬᠦ ᠲᠦᠷ ᠬᠡᠷᠡᠭᠵᠢᠭᠦᠯᠬᠦ ᠠᠷᠭ᠎ᠠ︾ ︵ᠬᠥᠭᠵᠢᠭᠦᠯᠦᠯᠲᠡ ᠥᠭᠡᠷᠡᠴᠢᠯᠡᠯᠲᠡ ᠶᠢᠨ ᠵᠥᠪᠯᠡᠯ ᠤᠨ ᠠᠯᠪᠠᠨ ᠲᠢᠩᠬᠢᠮ ᠤᠨ ᠴᠢᠬᠤᠯᠠ ᠶᠡᠭᠡ ᠲᠣᠭᠲᠠᠮᠠᠯ ᠬᠥᠷᠥᠩᠭᠡ ᠶᠢᠨ ᠪᠡᠯᠡ ᠣᠷᠣᠭᠤᠯᠤᠯᠲᠠ ᠶᠢᠨ ᠲᠥᠷᠥᠯ ᠵᠦᠢᠯ ᠤᠨ ᠨᠡᠶᠢᠭᠡᠮ ᠤᠨ ᠲᠣᠭᠲᠠᠭᠤᠨ ᠪᠠᠶᠢᠳᠠᠯ ᠤᠨ ᠲᠦᠭᠰᠢᠭᠦᠷᠢ ᠶᠢ ᠵᠠᠳᠠᠯᠬᠤ ᠬᠠᠭᠤᠳᠠᠰᠤ ᠪᠠ ᠦᠨᠡᠯᠡᠨ ᠵᠢᠱᠢᠭᠰᠡᠨ ᠮᠡᠳᠡᠭᠦᠯᠦᠯᠲᠡ ᠶᠢ ᠨᠠᠶᠢᠷᠠᠭᠤᠯᠤᠨ ᠵᠣᠬᠢᠶᠠᠬᠤ ᠬᠥᠲᠥᠯᠪᠦᠷᠢ ︵ᠲᠤᠷᠰᠢᠨ ᠬᠡᠷᠡᠭᠵᠢᠭᠦᠯᠬᠦ︶ ᠪᠠ ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠴᠢᠬᠤᠯᠠ ᠶᠡᠭᠡ ᠵᠦᠢᠯᠡᠰ ᠤᠨ ᠨᠡᠶᠢᠭᠡᠮ ᠤᠨ ᠲᠣᠭᠲᠠᠭᠤᠨ ᠪᠠᠶᠢᠳᠠᠯ ᠤᠨ ᠲᠦᠭᠰᠢᠭᠦᠷᠢ ᠶᠢ ᠦᠨᠡᠯᠡᠨ ᠵᠢᠱᠢᠬᠦ ᠠᠵᠢᠯᠯᠠᠭᠠᠨ ᠤ ᠳᠦᠷᠢᠮ ︵ᠲᠤᠷᠰᠢᠨ ᠬᠡᠷᠡᠭᠵᠢᠭᠦᠯᠬᠦ︶︾ ᠪᠠ ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠴᠢᠬᠤᠯᠠ ᠶᠡᠭᠡ ᠵᠦᠢᠯᠡᠰ ᠤᠨ ᠨᠡᠶᠢᠭᠡᠮ ᠤᠨ ᠲᠣᠭᠲᠠᠭᠤᠨ ᠪᠠᠶᠢᠳᠠᠯ ᠤᠨ ᠲᠦᠭᠰᠢᠭᠦᠷᠢ ᠶᠢ ᠦᠨᠡᠯᠡᠨ ᠵᠢᠱᠢᠬᠦ ᠬᠠᠮᠢᠶ᠎ᠠ ᠪᠦᠬᠦᠢ ᠲᠣᠭᠲᠠᠭᠠᠯ ᠤᠨ ᠱᠠᠭᠠᠷᠳᠠᠯᠭ᠎ᠠ ᠶᠣᠰᠣᠭᠠᠷ᠂ ᠮᠠᠨ ᠤ ᠺᠣᠮᠫᠠᠨᠢ ᠶᠢᠨ ᠡᠳᠦᠭᠡ ᠲᠣᠰ ᠲᠥᠷᠥᠯ ᠵᠦᠢᠯ ᠤᠨ ᠨᠡᠶᠢᠭᠡᠮ ᠤᠨ ᠲᠣᠭᠲᠠᠭᠤᠨ ᠪᠠᠶᠢᠳᠠᠯ ᠤᠨ ᠲᠦᠭᠰᠢᠭᠦᠷᠢ ᠶᠢ ᠦᠨᠡᠯᠡᠨ ᠵᠢᠱᠢᠬᠦ ᠬᠤᠯᠪᠣᠭᠳᠠᠯ ᠪᠦᠬᠦᠢ ᠠᠭᠤᠯᠭ᠎ᠠ ᠵᠢᠴᠢ ᠵᠦᠢᠯᠡᠰ ᠢ ᠳᠣᠣᠷᠠᠬᠢ ᠮᠡᠲᠦ ᠵᠠᠷᠯᠠᠶ᠎ᠠ᠄      ᠨᠢᠭᠡ᠂ ᠲᠥᠷᠥᠯ ᠵᠦᠢᠯ ᠤᠨ ᠪᠠᠶᠢᠳᠠᠯ ᠤᠨ ᠲᠣᠪᠴᠢ ᠮᠡᠳᠡᠭᠦᠯᠦᠯᠲᠡ            ᠮᠧᠩ ᠨᠧᠩ ᠶᠢᠨ ᠱᠠᠨ ᠪᠠᠯᠭᠠᠰᠤᠨ ᠤ ᠥᠷᠭᠡᠳᠬᠡᠨ ᠪᠠᠶᠢᠭᠤᠯᠬᠤ ᠢᠨᠵᠧᠨᠧᠷᠢᠩ ᠤᠨ ᠰᠦᠯᠵᠢᠶ᠎ᠡ ᠳᠤ ᠵᠠᠯᠭᠠᠬᠤ ᠢᠨᠵᠧᠨᠧᠷᠢᠩ ᠨᠢ ᠬᠥᠬᠡᠬᠤᠲᠠ ᠶᠢᠨ ᠰᠠᠶᠢᠬᠠᠨ ᠲᠣᠭᠤᠷᠢᠭ ᠤᠨ ᠬᠤᠸᠠᠩ ᠾᠧ ᠱᠣᠣ ᠪᠠᠯᠭᠠᠰᠤᠨ ᠳᠤ ᠪᠠᠶᠢᠷᠢᠯᠠᠵᠤ᠂ ᠲᠥᠷᠥᠯ ᠵᠦᠢᠯ ᠤᠨ ᠪᠦᠲᠦᠭᠡᠨ ᠪᠠᠶᠢᠭᠤᠯᠤᠯᠲᠠ ᠶᠢᠨ ᠬᠡᠪᠴᠢᠶ᠎ᠡ ᠵᠢᠴᠢ ᠭᠤᠣᠯ ᠠᠭᠤᠯᠭ᠎ᠠ ᠳᠤ᠄           1. ᠵᠠᠮ ᠱᠤᠭᠤᠮ ᠤᠨ ᠪᠠᠷᠢᠯᠭ᠎ᠠ            ᠲᠣᠰ ᠢᠨᠵᠧᠨᠧᠷᠢᠩ ᠨᠢ ᠥᠪᠥᠷ ᠮᠣᠩᠭᠤᠯ ᠤᠨ ᠡᠨᠧᠷᠭᠢ ᠶᠢᠨ ᠪᠦᠯᠦᠭᠯᠡᠯ ᠤᠨ ᠵᠢᠨᠱᠠᠨ ᠴᠠᠬᠢᠯᠭᠠᠨ ᠭᠠᠷᠭᠠᠬᠤ ᠦᠢᠯᠡᠳᠪᠦᠷᠢ ᠶᠢᠨ 2 × 66 ×ᠲᠦᠮᠡᠨ ᠺᠢᠯᠣᠸᠠᠲ ᠤᠨ ᠨᠡᠭᠦᠷᠡᠰᠦ ᠴᠠᠬᠢᠯᠭᠠᠨ ᠢ ᠥᠷᠭᠡᠳᠬᠡᠨ ᠪᠠᠶᠢᠭᠤᠯᠬᠤ ᠲᠥᠷᠥᠯ ᠵᠦᠢᠯ ᠤᠨ ᠱᠤᠭᠤᠮ ᠠᠴᠠ ᠭᠠᠷᠬᠤ ᠵᠠᠪᠰᠠᠷ ᠢ ᠪᠠᠶᠢᠭᠤᠯᠬᠤ ᠪᠠᠷ ᠲᠥᠯᠥᠪᠯᠡᠵᠦ ᠪᠣᠶ᠃ ᠪᠦᠬᠦ ᠱᠤᠭᠤᠮ ᠨᠢ ᠬᠤᠸᠠᠩ ᠾᠧ ᠱᠣᠣ ᠪᠠᠯᠭᠠᠰᠤᠨ ᠤ ᠬᠢᠯᠢ ᠳᠤ ᠪᠠᠶᠢᠷᠢᠯᠠᠵᠤ᠂ ᠪᠦᠬᠦ ᠤᠷᠲᠤ ᠨᠢ 5.2 ᠺᠢᠯᠣᠮᠧᠲᠷ ᠪᠠᠶᠢᠵᠤ᠂ ᠬᠤᠣᠰ ᠪᠤᠴᠠᠯᠲᠠ ᠵᠠᠮ ᠤᠨ ᠵᠢᠶᠠᠰᠠ ᠪᠣᠯᠣᠨ᠎ᠠ᠃            2. ᠬᠦᠴᠦᠳᠡᠯ ᠥᠭᠡᠷᠡᠴᠢᠯᠡᠬᠦ ᠪᠠᠷᠢᠯᠭ᠎ᠠ            500 ᠺᠢᠯᠣᠸᠣᠯ ᠲ᠊ ᠤᠨ ᠬᠤᠸᠠᠩ ᠾᠧ ᠱᠣᠣ ᠬᠦᠴᠦᠳᠡᠯ ᠥᠭᠡᠷᠡᠴᠢᠯᠡᠬᠦ ᠥᠷᠲᠡᠭᠡ 2 ᠠᠯᠭᠠᠰᠠᠯ ᠢ ᠥᠷᠭᠡᠳᠬᠡᠨ ᠪᠠᠶᠢᠭᠤᠯᠪᠠ᠃          3. ᠪᠠᠷᠢᠯᠭ᠎ᠠ ᠶᠢᠨ ᠪᠡᠯᠡ ᠣᠷᠣᠭᠤᠯᠤᠯᠲᠠ ᠶᠢ ᠪᠠᠷᠤᠭᠴᠠᠭᠠᠯᠠᠨ ᠪᠣᠳᠣᠬᠤ            ᠮᠧᠩ ᠨᠧᠩ ᠶᠢᠨ ᠱᠠᠨ ᠥᠷᠭᠡᠳᠬᠡᠨ ᠪᠠᠶᠢᠭᠤᠯᠬᠤ ᠢᠨᠵᠧᠨᠧᠷᠢᠩ ᠤᠨ ᠲᠣᠣᠷ ᠵᠠᠯᠭᠠᠬᠤ ᠢᠨᠵᠧᠨᠧᠷᠢᠩ ᠤᠨ ᠶᠡᠷᠦᠩᠬᠡᠢ ᠪᠡᠯᠡ ᠣᠷᠣᠭᠤᠯᠤᠯᠲᠠ ᠪᠠᠷᠤᠭ 7800 ᠲᠦᠮᠡᠨ ᠲᠥᠭᠦᠷᠢᠭ ᠪᠠᠶᠢᠵᠤ᠂ ᠪᠡᠯᠡ ᠮᠥᠩᠭᠦ ᠶᠢᠨ ᠢᠷᠡᠯᠲᠡ ᠶᠢᠨ 20% ᠶᠢ ᠠᠵᠤ ᠠᠬᠤᠶᠢᠯᠠᠯ ᠤᠨ ᠥᠪᠡᠷ ᠤᠨ ᠪᠡᠯᠡ ᠮᠥᠩᠭᠦ ᠪᠣᠯᠭᠠᠵᠤ᠂ ᠪᠤᠰᠤᠳ 80% ᠨᠢ ᠪᠠᠩᠬᠢ ᠶᠢᠨ ᠵᠢᠭᠡᠯᠡᠯᠭᠡ ᠪᠣᠯᠣᠨ᠎ᠠ᠃              ᠲᠤᠰ ᠪᠠᠷᠢᠯᠭ᠎ᠠ ᠶᠢ 2026 ᠣᠨ ᠳᠤ ᠪᠠᠶᠢᠭᠤᠯᠵᠤ ᠳᠠᠭᠤᠰᠬᠠᠭᠠᠳ ᠠᠰᠢᠭᠯᠠᠯᠲᠠ ᠳᠤ ᠣᠷᠣᠭᠤᠯᠬᠤ ᠪᠠᠷ ᠲᠥᠯᠥᠪᠯᠡᠵᠦ ᠪᠣᠶ᠃    ᠬᠤᠶᠠᠷ᠂ ᠲᠥᠷᠥᠯ ᠵᠦᠢᠯ ᠣᠷᠣᠰᠢᠵᠤ ᠮᠡᠳᠡᠬᠦ ᠨᠡᠶᠢᠭᠡᠮ ᠤᠨ ᠲᠣᠭᠲᠠᠭᠤᠨ ᠪᠠᠶᠢᠳᠠᠯ ᠢ ᠨᠥᠯᠥᠭᠡᠯᠡᠬᠦ ᠠᠶᠤᠯ ᠲᠦᠭᠰᠢᠭᠦᠷᠢ ᠶᠢᠨ ᠲᠣᠶᠢᠮᠣ ᠪᠠᠶᠢᠳᠠᠯ              ᠲᠣᠰ ᠲᠥᠷᠥᠯ ᠵᠦᠢᠯ ᠨᠢ ᠨᠡᠶᠢᠭᠡᠮ ᠤᠨ ᠲᠣᠭᠲᠠᠭᠤᠨ ᠪᠠᠶᠢᠳᠠᠯ ᠢ ᠨᠥᠯᠥᠭᠡᠯᠡᠬᠦ ᠠᠶᠤᠯ ᠲᠦᠭᠰᠢᠭᠦᠷᠢ ᠡᠭᠦᠰᠬᠦ ᠪᠣᠯᠣᠯᠴᠠᠭ᠎ᠠ ᠨᠢ ᠭᠤᠣᠯᠳᠠᠭᠤ ᠳᠣᠣᠷᠠᠬᠢ ᠬᠡᠳᠦᠨ ᠲᠠᠯ᠎ᠠ ᠪᠣᠯᠣᠨ᠎ᠠ᠄            ᠪᠠᠷᠢᠯᠭ᠎ᠠ ᠪᠠᠷᠢᠬᠤ ᠬᠤᠭᠤᠴᠠᠭᠠᠨ ᠤ ᠡᠷᠬᠢᠨ ᠲᠣᠭᠤᠷᠢᠨ ᠤ ᠵᠠᠮ ᠬᠠᠷᠢᠯᠴᠠᠭ᠎ᠠ ᠳᠤ ᠦᠵᠡᠭᠦᠯᠬᠦ ᠨᠥᠯᠥᠭᠡ︔ ᠠᠮᠢ ᠠᠬᠤᠢ ᠶᠢᠨ ᠣᠷᠴᠢᠨ ᠲᠣᠭᠤᠷᠢᠨ ᠳᠤ ᠦᠵᠡᠭᠦᠯᠬᠦ ᠨᠥᠯᠥᠭᠡ︔ ᠪᠠᠷᠢᠯᠭ᠎ᠠ ᠪᠠᠷᠢᠬᠤ ᠬᠤᠭᠤᠴᠠᠭᠠᠨ ᠳᠤ ᠡᠭᠦᠰᠦᠭᠰᠡᠨ ᠱᠤᠤᠭᠢᠶᠠᠨ᠂ ᠲᠣᠭᠤᠰᠣ ᠳᠡᠭᠳᠡᠬᠦ᠂ ᠪᠣᠬᠢᠷ ᠤᠰᠤ ᠵᠢᠴᠢ ᠬᠠᠲᠠᠭᠤ ᠪᠡᠶᠡᠲᠦ ᠬᠠᠶᠠᠭᠳᠠᠮᠠᠯ ᠪᠣᠳᠠᠰ ᠤᠨ ᠨᠥᠯᠥᠭᠡ︔ ᠪᠠᠷᠢᠯᠭ᠎ᠠ ᠪᠠᠷᠢᠬᠤ ᠬᠤᠭᠤᠴᠠᠭᠠᠨ ᠳᠠᠬᠢ ᠠᠮᠤᠷ ᠲᠦᠪᠰᠢᠨ ᠤ ᠨᠥᠯᠥᠭᠡ︔ ᠵᠢᠱᠢᠶᠡᠯᠡᠪᠡᠯ ᠮᠧᠬᠠᠨᠢᠭ ᠭᠡᠮᠲᠦᠯ᠂ ᠴᠠᠬᠢᠯᠭᠠᠨ ᠤ ᠭᠡᠮᠲᠦᠯ᠂ ᠭᠠᠯ ᠤᠨ ᠠᠶᠤᠯ ᠵᠡᠷᠭᠡ︔ ᠪᠠᠷᠢᠯᠭ᠎ᠠ ᠶᠢᠨ ᠠᠵᠢᠯ ᠤᠨ ᠬᠤᠭᠤᠴᠠᠭᠠᠨ ᠳᠠᠬᠢ ᠨᠡᠭᠦᠳᠡᠯ ᠬᠥᠮᠥᠨ ᠠᠮᠠ ᠶᠢᠨ ᠬᠠᠮᠢᠶᠠᠷᠤᠯᠲᠠ ᠬᠢᠭᠡᠳ ᠨᠡᠶᠢᠭᠡᠮ ᠤᠨ ᠠᠮᠤᠷ ᠲᠦᠪᠰᠢᠨ ᠵᠡᠷᠭᠡ ᠬᠦᠴᠦᠨ ᠵᠦᠢᠯ ᠪᠣᠯᠣᠨ᠎ᠠ᠃        ᠭᠤᠷᠪᠠ᠂ ᠨᠡᠶᠢᠭᠡᠮ ᠤᠨ ᠲᠣᠭᠲᠠᠭᠤᠨ ᠪᠠᠶᠢᠳᠠᠯ ᠢ ᠰᠡᠷᠭᠡᠶᠢᠯᠡᠬᠦ ᠪᠤᠶᠤ ᠪᠠᠭᠠᠰᠬᠠᠬᠤ ᠠᠷᠭᠠᠴᠠᠭᠠᠬᠤ ᠠᠷᠭ᠎ᠠ ᠬᠡᠮᠵᠢᠶ᠎ᠡ ᠶᠢᠨ ᠭᠤᠣᠯ ᠠᠭᠤᠯᠭ᠎ᠠ            ᠣᠷᠣᠰᠢᠵᠤ ᠮᠡᠳᠡᠬᠦ ᠲᠦᠭᠰᠢᠭᠦᠷᠢ ᠳᠤ ᠴᠢᠭᠯᠡᠭᠦᠯᠦᠨ᠂ ᠳᠣᠣᠷᠠᠬᠢ ᠮᠡᠲᠦ ᠰᠡᠷᠭᠡᠶᠢᠯᠡᠨ ᠠᠷᠢᠯᠭᠠᠬᠤ ᠠᠷᠭ᠎ᠠ ᠬᠡᠮᠵᠢᠶ᠎ᠡ ᠶᠢ ᠬᠡᠷᠡᠭᠯᠡᠬᠦ ᠪᠠᠷ ᠲᠥᠯᠥᠪᠯᠡᠵᠦ ᠪᠠᠶᠢᠨ᠎ᠠ᠄            ᠪᠠᠷᠢᠯᠭ᠎ᠠ  ᠪᠠᠷᠢᠬᠤ ᠨᠢᠭᠡᠴᠡ ᠵᠦᠢ ᠵᠣᠬᠢᠰᠲᠠᠢ ᠲᠡᠭᠡᠭᠡᠪᠦᠷᠢ ᠶᠢᠨ ᠱᠤᠭᠤᠮ ᠪᠣᠯᠣᠨ ᠴᠠᠭ ᠬᠤᠭᠤᠴᠠᠭ᠎ᠠ ᠲᠣᠭᠲᠠᠭᠠᠵᠤ  ᠂ ᠪᠠᠷᠢᠯᠭ᠎ᠠ ᠪᠠᠷᠢᠬᠤ ᠬᠤᠭᠤᠴᠠᠭᠠᠨ ᠤ ᠵᠠᠮ  ᠬᠠᠷᠢᠯᠴᠠᠭᠠᠨ ᠳᠠᠬᠢ ᠨᠥᠯᠥᠭᠡᠯᠡᠯ  ᠢ ᠨᠠᠮᠳᠠᠭᠤᠯᠬᠤ ᠶᠢᠨ  ᠬᠠᠮᠲᠤ  ᠵᠢᠯᠣᠭᠤᠴᠢ ᠶᠢᠨ ᠡᠷᠬᠢᠯᠡᠭᠰᠡᠨ ᠠᠵᠢᠯ ᠤᠨ ᠶᠣᠰᠣ ᠮᠣᠷᠠᠯ ᠤᠨ ᠬᠥᠮᠦᠵᠢᠯ ᠢ ᠰᠠᠶᠢᠲᠤᠷ ᠬᠢᠵᠦ᠂ ᠲᠣᠭᠲᠠᠭᠠᠭᠰᠠᠨ ᠵᠠᠮ ᠱᠤᠭᠤᠮ ᠤᠨ ᠶᠣᠰᠣᠭᠠᠷ ᠲᠡᠭᠡᠭᠡᠪᠦᠷᠢᠯᠡᠵᠦ᠂ ᠲᠥᠷᠥᠯ ᠵᠦᠢᠯ ᠤᠨ ᠣᠷᠴᠢᠨ ᠲᠣᠭᠤᠷᠢᠨ ᠤ ᠡᠪᠳᠡᠯᠭᠡ ᠤᠴᠠᠷᠠᠭᠤᠯᠵᠤ ᠮᠡᠳᠡᠬᠦ ᠲᠦᠭᠰᠢᠭᠦᠷᠢ ᠳᠤ᠂ ᠪᠠᠷᠢᠯᠭ᠎ᠠ ᠶᠢᠨ ᠪᠦᠲᠦᠭᠡᠨ ᠪᠠᠶᠢᠭᠤᠯᠤᠯᠲᠠ ᠳᠤ ᠲᠥᠷᠥᠯ ᠵᠦᠢᠯ ᠤᠨ ᠣᠷᠴᠢᠨ ᠲᠣᠭᠤᠷᠢᠨ ᠤ ᠬᠠᠮᠢᠶᠠᠷᠤᠯᠲᠠ ᠶᠢ ᠴᠢᠩᠭᠠᠳᠬᠠᠵᠤ᠂ ᠪᠣᠯᠪᠠᠰᠤᠨ ᠢᠶᠠᠷ ᠪᠠᠷᠢᠯᠭ᠎ᠠ ᠪᠠᠷᠢᠬᠤ ᠶᠢ ᠠᠩᠬᠠᠷᠴᠤ᠂ ᠪᠠᠷᠢᠯᠭ᠎ᠠ ᠪᠠᠷᠢᠬᠤ ᠬᠤᠭᠤᠴᠠᠭᠠᠨ ᠤ ᠠᠮᠢ ᠠᠬᠤᠢ ᠶᠢᠨ ᠣᠷᠴᠢᠨ ᠲᠣᠭᠤᠷᠢᠨ  ᠢ ᠪᠣᠬᠢᠷᠲᠤᠭᠤᠯᠬᠤ ᠶᠢ ᠪᠠᠭᠠᠰᠬᠠᠬᠤ ᠬᠡᠷᠡᠭᠲᠡᠢ᠃ ᠪᠠᠷᠢᠯᠭ᠎ᠠ ᠪᠠᠷᠢᠬᠤ ᠶᠠᠪᠤᠴᠠ ᠳᠤ ᠬᠥᠷᠥᠰᠥ ᠶᠢ ᠵᠥᠭᠡᠭᠡᠪᠦᠷᠢᠯᠡᠵᠦ ᠪᠠᠶᠢᠭ᠎ᠠ ᠠᠴᠠ ᠪᠣᠯᠵᠤ ᠤᠷᠭᠤᠮᠠᠯ ᠤᠨ ᠬᠤᠴᠢᠯᠭ᠎ᠠ ᠶᠢ ᠡᠪᠳᠡᠵᠦ᠂ ᠪᠠᠷᠢᠯᠭ᠎ᠠ ᠪᠠᠷᠢᠬᠤ ᠬᠤᠭᠤᠴᠠᠭᠠᠨ ᠳᠠᠬᠢ ᠬᠥᠷᠥᠰᠥ ᠰᠢᠷᠣᠢ ᠶᠢᠨ ᠢᠳᠡᠭᠳᠡᠯ ᠂ ᠪᠠᠷᠢᠯᠭ᠎ᠠ ᠪᠠᠷᠢᠬᠤ ᠱᠤᠤᠭᠢᠶᠠᠨ᠂ ᠪᠠᠷᠢᠯᠭ᠎ᠠ ᠪᠠᠷᠢᠬᠤ ᠲᠣᠭᠤᠰᠣ ᠳᠡᠭᠳᠡᠬᠦ ᠵᠢᠴᠢ ᠠᠮᠢᠳᠤᠷᠠᠯ ᠤᠨ ᠪᠣᠬᠢᠷ ᠤᠰᠤ ᠵᠡᠷᠭᠡ ᠳᠤ ᠵᠣᠬᠢᠴᠠᠩᠭᠤᠢ ᠪᠦᠬᠦᠢ ᠪᠣᠬᠢᠷᠲᠤᠯ  ᠢ ᠰᠡᠷᠭᠡᠶᠢᠯᠡᠨ ᠵᠠᠰᠠᠬᠤ ᠠᠷᠭ᠎ᠠ ᠬᠡᠮᠵᠢᠶ᠎ᠡ ᠠᠪᠬᠤ ᠬᠡᠷᠡᠭᠲᠡᠢ᠃          ᠲᠥᠷᠥᠯ ᠵᠦᠢᠯ ᠤᠨ ᠪᠦᠲᠦᠭᠡᠨ ᠪᠠᠶᠢᠭᠤᠯᠤᠯᠲᠠ ᠶᠢᠨ ᠬᠠᠮᠢᠶ᠎ᠠ ᠪᠦᠬᠦᠢ ᠬᠠᠤᠯᠢ ᠴᠠᠭᠠᠵᠠ᠂ ᠬᠠᠤᠯᠢ ᠲᠣᠭᠲᠠᠭᠠᠯ ᠢ ᠦᠨᠳᠦᠰᠦᠯᠡᠨ᠂ ᠪᠠᠷᠢᠯᠭ᠎ᠠ ᠪᠠᠷᠢᠬᠤ ᠶᠠᠪᠤᠴᠠ ᠳᠤ ᠪᠠᠷᠢᠯᠭ᠎ᠠ ᠶᠢᠨ ᠠᠶᠤᠯ ᠦᠭᠡᠢ ᠶᠢᠨ ᠪᠠᠷᠢᠯᠭ᠎ᠠ ᠶᠢᠨ ᠠᠶᠤᠯ ᠦᠭᠡᠢ ᠦᠢᠯᠡᠳᠪᠦᠷᠢᠯᠡᠯ ᠤᠨ ᠬᠠᠮᠢᠶᠠᠷᠤᠯᠲᠠ ᠳᠤ ᠡᠷᠬᠡᠪᠰᠢ ︽ᠠᠶᠤᠯ ᠦᠭᠡᠢ ᠶᠢ ᠲᠡᠷᠢᠭᠦᠨ ᠳᠤ ᠪᠠᠶᠢᠯᠭᠠᠬᠤ᠂ ᠰᠡᠷᠭᠡᠶᠢᠯᠡᠬᠦ ᠪᠠᠷ ᠭᠤᠣᠯ ᠪᠣᠯᠭᠠᠬᠤ︾ ᠴᠢᠭᠯᠡᠯᠲᠡ ᠶᠢ ᠪᠠᠷᠢᠮᠲᠠᠯᠠᠨ᠂ ᠠᠶᠤᠯ ᠦᠭᠡᠢ ᠶᠢᠨ ᠠᠳᠡᠯ ᠭᠠᠷᠬᠤ ᠶᠢ ᠰᠡᠷᠭᠡᠶᠢᠯᠡᠬᠦ ᠬᠡᠷᠡᠭᠲᠡᠢ᠃          ᠨᠡᠭᠦᠳᠡᠯ ᠬᠥᠮᠥᠨ ᠠᠮᠠ ᠶᠢᠨ ᠬᠠᠮᠢᠶᠠᠷᠤᠯᠲᠠ ᠶᠢᠨ ᠠᠵᠢᠯ ᠪᠣᠯ ᠨᠢᠭᠡ ᠵᠦᠢᠯ ᠤᠨ ᠪᠤᠳᠤᠯᠢᠶᠠᠨᠲᠠᠢ ᠨᠡᠶᠢᠭᠡᠮ ᠤᠨ ᠰᠢᠰᠲ᠋ᠧᠮ ᠤᠨ ᠢᠨᠵᠧᠨᠧᠷᠢᠩ ᠪᠣᠯᠬᠤᠷ᠂ ᠳᠣᠲᠣᠭᠠᠳᠤ ᠶᠢ ᠬᠠᠮᠠᠭᠠᠯᠠᠬᠤ᠂ ᠠᠷᠠᠳ ᠤᠨ ᠶᠠᠪᠤᠳᠠᠯ᠂ ᠬᠥᠳᠡᠯᠮᠦᠷᠢ᠂ ᠬᠠᠤᠯᠢ ᠴᠠᠭᠠᠵᠠ ᠵᠡᠷᠭᠡ ᠰᠠᠯᠠᠭ᠎ᠠ ᠮᠥᠴᠢᠷ ᠤᠳ ᠬᠠᠮᠲᠤ ᠪᠠᠷ ᠬᠠᠮᠢᠶᠠᠷᠴᠤ᠂ ᠬᠠᠮᠲᠤᠪᠠᠷ ᠣᠷᠣᠯᠴᠠᠵᠤ᠂ ᠪᠠᠶᠢᠭᠤᠯᠤᠯ ᠲᠣᠭᠲᠠᠴᠠ᠂ ᠠᠵᠢᠯᠲᠠᠨ ᠤ ᠵᠠᠷᠤᠳᠠᠯ᠂ ᠲᠥᠷᠥ ᠶᠢᠨ ᠪᠣᠳᠣᠯᠭ᠎ᠠ ᠳᠦᠷᠢᠮ ᠲᠣᠭᠲᠠᠭᠠᠯ ᠵᠢᠴᠢ ᠡᠷᠬᠡ ᠠᠰᠢᠭ ᠤᠨ ᠪᠠᠲᠤᠯᠠᠭ᠎ᠠ ᠵᠡᠷᠭᠡ ᠲᠠᠯ᠎ᠠ ᠪᠠᠷ ᠶᠡᠷᠦᠩᠬᠡᠶᠢᠯᠡᠨ ᠰᠤᠳᠤᠯᠬᠤ ᠪᠠ ᠬᠠᠮᠢᠶᠠᠷᠤᠯᠲᠠ ᠪᠠᠨ ᠠᠬᠢᠭᠤᠯᠬᠤ ᠬᠡᠷᠡᠭᠲᠡᠢ᠃ ︽ᠵᠠᠰᠠᠭ ᠤᠨ ᠣᠷᠳᠣᠨ ᠤᠳᠤᠷᠢᠳᠤᠯᠭ᠎ᠠ᠂ ᠶᠡᠷᠦᠩᠬᠡᠶᠢᠯᠡᠨ ᠵᠠᠰᠠᠬᠤ ᠶᠢ ᠲᠦᠷᠦᠭᠦᠯᠡᠨ ᠬᠢᠵᠦ᠂ ᠳᠣᠲᠣᠭᠠᠳᠤ ᠶᠢ ᠬᠠᠮᠠᠭᠠᠯᠠᠬᠤ ᠪᠠᠷ ᠭᠤᠣᠯ ᠪᠣᠯᠭᠠᠨ᠂ ᠣᠯᠠᠨ ᠲᠠᠯ᠎ᠠ ᠶᠢᠨ ᠬᠢᠨ ᠣᠷᠣᠯᠴᠠᠵᠤ᠂ ᠶᠡᠷᠦᠩᠬᠡᠶᠢᠯᠡᠨ ᠵᠠᠰᠠᠬᠤ︾ ᠴᠢᠭᠯᠡᠯᠲᠡ ᠶᠣᠰᠣᠭᠠᠷ᠂ ᠭᠠᠳᠠᠨ᠎ᠠ ᠠᠴᠠ ᠢᠷᠡᠭᠰᠡᠨ ᠬᠥᠮᠥᠰ ᠤᠨ ᠬᠠᠮᠢᠶᠠᠷᠤᠯᠲᠠ ᠶᠢᠨ ᠤᠳᠤᠷᠢᠳᠬᠤ ᠪᠠᠶᠢᠭᠤᠯᠤᠮᠵᠢ ᠪᠣᠯᠣᠨ ᠠᠵᠢᠯ ᠤᠨ ᠲᠣᠭᠲᠠᠴᠠ ᠶᠢ ᠤᠯᠠᠮ ᠨᠢᠭᠡ ᠠᠯᠬᠤᠮ ᠲᠡᠭᠦᠯᠳᠡᠷᠵᠢᠭᠦᠯᠵᠦ᠂ ᠡᠯ᠎ᠡ ᠱᠠᠲᠤᠨ ᠤ ᠤᠳᠤᠷᠢᠳᠤᠯᠭ᠎ᠠ ᠪᠣᠯᠣᠨ ᠬᠤᠯᠪᠣᠭᠳᠠᠯ ᠪᠦᠬᠦᠢ ᠰᠠᠯᠠᠭ᠎ᠠ ᠮᠥᠴᠢᠷ ᠤᠨ ᠬᠠᠮᠢᠶᠠᠷᠤᠯᠲᠠ ᠶᠢᠨ ᠬᠠᠷᠢᠭᠤᠴᠠᠯᠭ᠎ᠠ ᠶᠢ ᠨᠠᠶᠢᠳᠠᠪᠤᠷᠢᠵᠢᠭᠤᠯᠤᠨ᠂ ᠪᠠᠷᠢᠯᠭ᠎ᠠ ᠪᠠᠷᠢᠬᠤ ᠳᠤ ᠣᠷᠣᠯᠴᠠᠭᠰᠠᠨ ᠲᠡᠷᠭᠡ ᠬᠥᠰᠬᠡ ᠶᠢ ᠳᠠᠩᠰᠠᠯᠠᠭᠤᠯᠵᠤ᠂ ᠨᠡᠭᠦᠳᠡᠯ ᠬᠥᠮᠥᠨ ᠠᠮᠠ ᠶᠢ ᠳᠠᠩᠰᠠᠯᠠᠨ ᠲᠡᠮᠳᠡᠭᠯᠡᠵᠦ᠂ ᠬᠠᠮᠢᠶᠠᠷᠬᠤ ᠬᠡᠷᠡᠭᠲᠡᠢ᠃      ᠳᠥᠷᠪᠡ᠂ ᠣᠯᠠᠨ ᠨᠡᠶᠢᠲᠡ ᠶᠢᠨ ᠰᠠᠨᠠᠯ ᠢ ᠬᠤᠷᠢᠶᠠᠬᠤ ᠠᠷᠭ᠎ᠠ ᠮᠠᠶ᠋ᠢᠭ          ᠲᠣᠰ ᠠᠯᠪᠠᠨ ᠵᠠᠷ ᠢ ᠨᠡᠶᠢᠲᠡᠯᠡᠭᠰᠡᠨ ᠡᠳᠦᠷ ᠠᠴᠠ ᠡᠬᠢᠯᠡᠨ 15 ᠠᠵᠢᠯᠯᠠᠬᠤ ᠡᠳᠦᠷ ᠤᠨ ᠳᠣᠲᠣᠷ᠎ᠠ᠂ ᠶᠠᠮᠠᠷᠪᠠ ᠨᠢᠭᠡᠴᠡ ᠪᠠ ᠬᠤᠪᠢ ᠬᠥᠮᠥᠨ ᠬᠡᠷᠪᠡ ᠰᠠᠨᠠᠯ ᠪᠤᠶᠤ ᠰᠠᠨᠠᠭᠤᠯᠭ᠎ᠠ ᠲᠠᠢ ᠪᠣᠯ ᠥᠪᠥᠷ ᠮᠣᠩᠭᠤᠯ ᠤᠨ ᠴᠠᠬᠢᠯᠭᠠᠨ ᠬᠦᠴᠦᠨ ︵ᠪᠦᠯᠦᠭᠯᠡᠯ︶ ᠤ ᠬᠢᠵᠠᠭᠠᠷᠲᠤ ᠬᠠᠷᠢᠭᠤᠴᠠᠯᠭᠠᠲᠤ ᠺᠣᠮᠫᠠᠨᠢ ᠶᠢᠨ ᠥᠪᠥᠷ ᠮᠣᠩᠭᠤᠯ ᠤᠨ ᠬᠡᠲᠦ ᠥᠨᠳᠥᠷ ᠬᠦᠴᠦᠳᠡᠯᠲᠦ ᠴᠠᠬᠢᠯᠭᠠᠨ ᠬᠠᠩᠭᠠᠬᠤ ᠬᠤᠪᠢᠶᠠᠷᠢ ᠺᠣᠮᠫᠠᠨᠢ ᠳᠤ ᠰᠢᠭᠤᠳ ᠬᠠᠷᠢᠭᠤ ᠲᠤᠰᠬᠠᠵᠤ ᠪᠣᠯᠣᠨ᠎ᠠ᠃            ᠵᠠᠷᠯᠠᠨ ᠨᠡᠶᠢᠲᠡᠯᠡᠬᠦ ᠴᠠᠭ᠄ 2024 ᠣᠨ ᠤ 10 ᠰᠠᠷ᠎ᠠ ᠶᠢᠨ 31 ᠤ ᠡᠳᠦᠷ ᠠᠴᠠ 2024 ᠣᠨ ᠤ 11 ᠰᠠᠷ᠎ᠠ ᠶᠢᠨ 21 ᠤ ᠡᠳᠦᠷ            ᠬᠠᠷᠢᠯᠴᠠᠬᠤ ᠬᠥᠮᠥᠨ᠄ ᠦ᠋ ᠡᠷᠬᠢᠯᠡᠭᠴᠢ            ᠬᠠᠷᠢᠯᠴᠠᠬᠤ ᠤᠲᠠᠰᠤ᠄ 0471 - 6227850            ᠢᠮᠧᠯ᠄ gcygdj@126.com            ᠬᠠᠶ᠋ᠢᠭ᠄ ᠬᠥᠬᠡᠬᠤᠲᠠ ᠶᠢᠨ ᠲᠦᠮᠡᠳ ᠵᠡᠭᠦᠨ ᠬᠤᠰᠢᠭᠤᠨ ᠤ ᠨᠡᠭᠡᠭᠡᠯᠲᠡ ᠶᠢᠨ ᠣᠷᠣᠨ ᠤ ᠾᠦᠢ ᠶᠢᠨ ᠳ᠋ᠣᠣ 2 ᠳ᠋ᠤᠭᠠᠷ ᠨᠣᠮᠧᠷ ᠥᠪᠥᠷ ᠮᠣᠩᠭᠤᠯ ᠤᠨ ᠬᠡᠲᠦ ᠥᠨᠳᠥᠷ ᠬᠦᠴᠦᠳᠡᠯᠲᠦ ᠴᠠᠬᠢᠯᠭᠠᠨ ᠬᠠᠩᠭᠠᠬᠤ ᠬᠤᠪᠢᠶᠠᠷᠢ ᠺᠣᠮᠫᠠᠨᠢ                  ᠥᠪᠥᠷ ᠮᠣᠩᠭᠤᠯ ᠤᠨ ᠴᠠᠬᠢᠯᠭᠠᠨ ᠬᠦᠴᠦᠨ ( ᠪᠦᠯᠦᠭᠯᠡᠯ ) ᠤ ᠬᠢᠵᠠᠭᠠᠷᠲᠤ ᠬᠠᠷᠢᠭᠤᠴᠠᠯᠭᠠᠲᠤ ᠺᠣᠮᠫᠠᠨᠢ      ᠥᠪᠥᠷ  ᠮᠣᠩᠭᠤᠯ ᠤᠨ ᠬᠡᠳᠦ ᠥᠨᠳᠥᠷ ᠬᠦᠴᠦᠳᠡᠯᠲᠦ ᠴᠠᠬᠢᠯᠭᠠᠨ ᠬᠠᠩᠭᠠᠬᠤ ᠬᠤᠪᠢᠶᠠᠷᠢ ᠺᠣᠮᠫᠠᠨᠢ                          2024 ᠣᠨ ᠤ 10 ᠰᠠᠷ᠎ᠠ ᠶᠢᠨ 31 ᠤ ᠡᠳᠦᠷ      ᠢᠷᠡᠯᠲᠡ᠄  ᠰᠠᠶᠢᠬᠠᠨ ᠲᠣᠭᠤᠷᠢᠭ ᠤᠨ ᠠᠷᠠᠳ ᠤᠨ ᠵᠠᠰᠠᠭ ᠤᠨ ᠣᠷᠳᠤᠨ ᠤ ᠠᠯᠪᠠᠨ ᠰᠦᠯᠵᠢᠶ᠎ᠡ
 
ᠢᠷᠡᠯᠲᠡ᠄ ᠰᠠᠶᠢᠬᠠᠨ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10000440号