| | | | ᠮᠣᠩᠭᠤᠯᠴᠤᠳ ᠡᠪᠦᠯ ᠤᠨ ᠲᠡᠷᠢᠭᠦᠨ ᠰᠠᠷ᠎ᠠ ᠶᠢᠨ ᠪᠢᠯᠢᠭ ᠤᠨ ᠤᠯᠠᠷᠢᠯ ᠤᠨ ᠬᠤᠷᠢᠨ ᠲᠠᠪᠤᠨ ᠤ ᠡᠳᠦᠷ ᠢ | ᠵᠤᠯᠠ ᠶᠢᠨ ᠬᠤᠷᠢᠨ ᠲᠠᠪᠤᠨ᠂ ᠵᠤᠯᠠ ᠶᠢᠨ ᠪᠠᠶᠠᠷ ᠭᠡᠳᠡᠭ᠃ ᠵᠤᠯᠠ ᠶᠢᠨ ᠬᠤᠷᠢᠨ ᠲᠠᠪᠤᠨ ᠳᠤ ᠮᠣᠩᠭᠤᠯᠴᠤᠳ ᠪᠤᠶᠠᠨ | ᠦᠢᠯᠡᠳᠴᠦ᠂ ᠨᠣᠮ ᠬᠤᠷᠠᠵᠤ᠂ ᠵᠤᠯᠠ ᠡᠷᠭᠦᠳᠡᠭ᠃ ᠵᠤᠯᠠ ᠶᠢᠨ ᠬᠤᠷᠢᠨ ᠲᠠᠪᠤᠨ ᠢ ᠽᠦᠩᠺᠠᠸ᠎ᠠ ᠪᠤᠷᠬᠠᠨ | ᠣᠷᠴᠢᠯᠠᠩ ᠳᠤ ᠮᠡᠨᠳᠥᠯᠡᠵᠦ ᠮᠡᠯᠮᠡᠢ ᠭᠡᠶᠢᠭᠰᠡᠨ ᠡᠳᠦᠷ ᠭᠡᠳᠡᠭ᠃ ᠽᠦᠩᠺᠠᠸ᠎ᠠ ᠪᠤᠷᠬᠠᠨ 1357 ᠣᠨ ᠳᠤ | ᠮᠡᠨᠳᠥᠯᠡᠵᠦ᠂ 63 ᠨᠠᠰᠤᠨ ᠳᠠᠭᠠᠨ ᠲᠠᠭᠠᠯᠠᠯ ᠲᠡᠭᠦᠰᠴᠡᠢ᠃ ᠲᠡᠷᠡ ᠴᠠᠭ ᠠᠴᠠ ᠬᠤᠶᠢᠰᠢ ᠵᠢᠯ ᠪᠦᠷᠢ ᠶᠢᠨ ᠡᠨᠡ | ᠡᠳᠦᠷ ᠢ ᠵᠤᠯᠠ ᠶᠢᠨ ᠬᠤᠷᠢᠨ ᠲᠠᠪᠤᠨ ᠬᠡᠮᠡᠨ ᠲᠡᠮᠳᠡᠭᠯᠡᠵᠦ ︽ᠳ᠋ᠦᠩᠴᠢᠳ︾ ᠪᠤᠶᠤ ᠮᠢᠩᠭᠠᠨ ᠲᠠᠬᠢᠯ ᠤᠨ ᠵᠤᠯᠠ | ᠬᠦᠵᠢ ᠡᠷᠭᠦᠵᠦ ᠶᠡᠭᠡ ᠬᠤᠷᠠᠯ ᠬᠤᠷᠠᠳᠠᠭ ᠪᠠᠶᠢᠨ᠎ᠠ᠃ ᠡᠨᠡ ᠡᠳᠦᠷ ᠰᠦᠰᠦᠭᠲᠡᠨ ᠨᠠᠷ ᠮᠠᠴᠠᠭ ᠪᠠᠷᠢᠵᠤ ᠵᠤᠯᠠ | ᠡᠷᠭᠦᠵᠦ᠂ ᠠᠷᠪᠠᠨ ᠬᠠᠷ᠎ᠠ ᠨᠢᠭᠦᠯ ᠢ ᠲᠡᠪᠴᠢᠨ᠂ ᠪᠡᠶ᠎ᠡ᠂ ᠬᠡᠯᠡ᠂ ᠰᠡᠳᠬᠢᠯ ᠢᠶᠠᠨ ᠠᠷᠢᠭᠤᠰᠬᠠᠨ ᠪᠤᠶᠠᠨ ᠦᠢᠯᠡᠳᠪᠡᠰᠦ | ᠡᠷᠭᠦᠭᠰᠡᠨ ᠨᠢᠭᠡ ᠵᠤᠯᠠ ᠨᠢ ᠮᠢᠩᠭ᠎ᠠ ᠪᠣᠯᠵᠤ᠂ ᠤᠩᠰᠢᠭᠰᠠᠨ ᠨᠢᠭᠡ ᠮᠠᠨᠢ ᠨᠢ ᠲᠦᠮᠡ ᠪᠣᠯᠵᠤ ᠠᠷᠪᠢᠵᠢᠳᠠᠭ᠃ ᠡᠨᠡ | ᠡᠳᠦᠷ ᠢ ᠶᠡᠭᠡ ᠪᠤᠶᠠᠨ ᠬᠤᠷᠢᠶᠠᠨ᠎ᠠ ᠭᠡᠳᠡᠭ᠃ ᠪᠠᠰᠠ ᠨᠢᠭᠡᠨ ᠦᠢᠯᠡ ᠶᠠᠪᠤᠳᠠᠯ ᠨᠢ ᠮᠣᠩᠭᠤᠯᠴᠤᠳ ᠡᠪᠦᠯ ᠢᠳᠡᠬᠦ | ᠢᠳᠡᠰᠢ ᠪᠠᠨ ᠬᠤᠷᠢᠨ ᠲᠠᠪᠤᠨ ᠤ ᠡᠳᠦᠷ ᠠᠴᠠ ᠡᠮᠦᠨ᠎ᠡ ᠲᠥᠬᠦᠭᠡᠷᠴᠦ ᠳᠠᠭᠤᠰᠤᠭᠠᠳ ᠣᠯᠠᠨ ᠠᠮᠢᠲᠠᠨ ᠤ ᠠᠮᠢ | ᠲᠠᠰᠤᠯᠤᠭᠰᠠᠨ ᠨᠢᠭᠦᠯ ᠢᠶᠠᠨ ᠨᠠᠮᠠᠨᠴᠢᠯᠠᠵᠤ ᠵᠤᠯᠠ ᠶᠢᠨ ᠬᠤᠷᠢᠨ ᠲᠠᠪᠤᠨ ᠤ ᠬᠤᠷᠠᠯ ᠢ ᠲᠠᠭᠠᠨ ᠪᠠᠶᠠᠰᠴᠤ᠂ ᠡᠨᠡᠬᠦ | ᠦᠢᠯᠡ ᠠᠴᠠ ᠬᠤᠶᠢᠰᠢ ᠪᠠᠶᠢᠭᠠᠯᠢ ᠶᠢᠨ ᠠᠩ ᠠᠮᠢᠲᠠᠨ ᠢ ᠬᠥᠨᠥᠭᠡᠵᠦ ᠰᠦᠢᠳᠬᠡᠵᠦ ᠪᠣᠯᠳᠠᠭ ᠦᠭᠡᠢ ᠵᠠᠩᠰᠢᠯ ᠲᠠᠢ | ᠪᠣᠯᠵᠠᠢ᠃ | | | ᠮᠣᠩᠭᠤᠯᠴᠤᠳ ᠵᠤᠯᠠ ᠡᠷᠭᠦᠬᠦ ᠳᠡᠭᠡᠨ ᠥᠨᠥ ᠪᠠ ᠬᠤᠶᠢᠲᠤ ᠶᠢᠨ ᠪᠤᠶᠠᠨ ᠥᠭᠡᠳᠡ ᠪᠣᠯᠣᠭᠰᠠᠳ ᠢ ᠰᠠᠶᠢᠨ | ᠲᠥᠷᠥᠯ ᠣᠯᠬᠤ ᠶᠢ ᠢᠷᠦᠭᠡᠵᠦ ᠵᠤᠯᠠ ᠡᠷᠭᠦᠳᠡᠭ᠃ ᠵᠤᠯᠠ ᠶᠢᠨ ᠭᠤᠣᠯ ᠣᠷᠢᠶᠠᠵᠤ ᠪᠣᠢ ᠦᠶ᠎ᠡ ᠳᠡᠭᠡᠨ ᠭᠤᠷᠪᠠᠨ | ᠪᠤᠷᠬᠠᠨ ᠤ ᠵᠢᠷᠦᠬᠡᠨ ᠲᠠᠷᠨᠢ ᠪᠤᠶᠤ ︽ᠤᠮ ᠠᠷᠠ ᠪᠠ ᠵᠠ ᠨᠠ ᠳ᠋ᠢ︾ ︽ᠤᠮ ᠮᠠ ᠨᠢ ᠪᠠᠳ ᠮᠠᠢ ᠬᠤᠮ︾᠂ ︽ᠤᠮ | ᠪᠠᠽᠠᠷ ᠸᠠᠨᠢ ᠬᠤᠮ ᠫᠠᠳ︾ ᠵᠡᠷᠭᠡ ᠶᠢᠨ ᠲᠠᠷᠨᠢ ᠨᠤᠭᠤᠳ ᠢ ᠤᠩᠰᠢᠵᠤ ᠪᠠᠶᠢᠪᠠᠯ ᠰᠠᠶᠢᠨ ᠭᠡᠳᠡᠭ᠃ ᠵᠤᠯᠠ | ᠡᠷᠭᠦᠬᠦ ᠳᠡᠭᠡᠨ ᠪᠠᠰᠠ ᠢᠳᠡᠰᠢᠨ ᠳᠤ ᠲᠥᠬᠦᠭᠡᠷᠦᠭᠰᠡᠨ ᠮᠠᠯ ᠤᠨ ᠢᠶᠠᠨ ᠪᠠᠷᠠᠭᠤᠨ ᠪᠥᠭᠡᠷ᠎ᠡ ᠶᠢᠨ ᠥᠭᠡᠬᠦ ᠶᠢ ᠬᠠᠶᠢᠯᠭᠠᠨ | ᠵᠤᠯᠠ ᠡᠷᠭᠦᠳᠡᠭ ᠵᠠᠩᠰᠢᠯ ᠪᠤᠢ᠃ |