1.ᠬᠡᠲᠦᠷᠬᠡᠢ ᠬᠠᠷᠠᠭᠠᠯᠵᠠᠯ ᠦᠵᠡᠭᠦᠯᠵᠦ ᠪᠣᠯᠬᠤ ᠦᠭᠡᠢ᠂ ᠠᠯᠢᠮ᠎ᠠ ᠵᠢᠮᠢᠰ ᠰᠢᠬᠢᠷ ᠪᠣᠣᠪᠤ ᠵᠡᠷᠭᠡ ᠶᠢᠨ ᠠᠯᠢᠪᠠ | ᠰᠠᠶᠢᠬᠠᠨ ᠢᠳᠡᠵᠦ ᠤᠤᠭᠤᠬᠤ ᠶᠠᠭᠤᠮ᠎ᠠ ᠶᠢ ᠵᠦᠪᠭᠡᠨ ᠬᠡᠦᠬᠡᠳ ᠲᠤ ᠪᠠᠨ ᠯᠠ ᠥᠭᠴᠦ᠂ ᠪᠤᠰᠤᠳ ᠬᠥᠮᠥᠨ ᠳᠤ | ᠣᠶᠢᠷᠠᠲᠤᠭᠤᠯᠬᠤ ᠦᠭᠡᠢ ᠪᠣᠯ ᠡᠳᠦᠷ ᠬᠤᠭᠤᠴᠠᠭ᠎ᠠ ᠤᠳᠠᠬᠤᠶᠠ ᠬᠡᠦᠬᠡᠳ ᠤᠨ ᠰᠡᠳᠬᠢᠯ ᠳᠤ ᠠᠯᠢᠪᠠ ᠰᠠᠶᠢᠨ | ᠰᠠᠶᠢᠬᠠᠨ ᠶᠠᠭᠤᠮ᠎ᠠ ᠪᠦᠬᠦᠨ ᠪᠦᠷ ︿ᠮᠢᠨᠤᠬᠢ﹀ ᠭᠡᠬᠦ ᠪᠣᠳᠣᠯ ᠲᠠᠢ ᠪᠣᠯᠵᠤ ᠡᠭᠦᠨ ᠤ ᠤᠯᠠᠮ ᠠᠴᠠ ᠬᠤᠪᠢᠨᠴᠢᠷ | ᠪᠣᠯᠣᠨ᠎ᠠ᠃ 2. ᠬᠡᠲᠦᠷᠬᠡᠢ ᠬᠤᠷᠢᠭ᠎ᠠ ᠴᠡᠭᠡᠷ ᠭᠠᠷᠭᠠᠵᠤ ᠪᠣᠯᠬᠤ ᠦᠭᠡᠢ᠃ ᠬᠡᠦᠬᠡᠳ ᠢᠶᠠᠨ ᠶᠠᠮᠠᠷ ᠨᠢᠭᠡᠨ ᠬᠡᠷᠡᠭ | ᠤᠴᠢᠷ ᠭᠠᠷᠭᠠᠭᠤᠵᠠᠢ ᠬᠡᠮᠡᠨ ᠬᠡᠷᠰᠡᠦᠯᠡᠵᠦ᠂ ᠬᠡᠦᠬᠡᠳ ᠢ ᠭᠠᠳᠠᠭᠰᠢ ᠭᠠᠷᠪᠠᠴᠤ ᠪᠣᠯᠬᠤ ᠦᠭᠡᠢ᠂ ᠡᠭᠦᠨ ᠢ ᠪᠠᠷᠢᠪᠠᠴᠤ | ᠪᠣᠯᠬᠤ ᠦᠭᠡᠢ᠂ ᠲᠡᠭᠦᠨ ᠢ ᠬᠥᠳᠡᠯᠭᠡᠪᠡᠴᠦ ᠪᠣᠯᠬᠤ ᠦᠭᠡᠢ ᠬᠡᠮᠡᠨ ᠬᠤᠷᠢᠭᠯᠠᠨ ᠠᠶᠤᠯᠭᠠᠳᠠᠭ ᠠᠴᠠ ᠬᠡᠦᠬᠡᠳ ᠵᠣᠷᠢᠭ | ᠵᠢᠷᠦᠬᠡ ᠪᠠᠭ᠎ᠠ᠂ ᠶᠠᠭᠤᠮ᠎ᠠ ᠪᠣᠯᠭᠠᠨ ᠠᠴᠠ ᠠᠶᠤᠬᠤ᠂ ᠨᠣᠮᠣᠢ ᠲᠣᠷᠣᠢ ᠵᠠᠩ ᠲᠠᠢ ᠪᠣᠯᠬᠤ ᠪᠠ ᠭᠠᠳᠠᠭᠠᠳᠤ | ᠣᠷᠴᠢᠨ ᠠᠴᠠ ᠲᠤᠰᠠᠭᠠᠷᠯᠠᠭᠰᠠᠨ ᠤ ᠤᠯᠠᠮ ᠢᠶᠠᠷ ᠵᠣᠵᠢᠭ᠂ ᠣᠯᠠᠨ ᠲᠠᠢ ᠨᠡᠶᠢᠯᠡᠬᠦ ᠦᠭᠡᠢ ᠡᠲᠡᠭᠡᠳ ᠵᠥᠷᠢᠭᠦᠦ | ᠵᠠᠩ ᠲᠠᠢ ᠪᠣᠯᠳᠠᠭ ᠪᠠᠶᠢᠨ᠎ᠠ᠃ 3. ᠬᠦᠰᠡᠯ ᠢ ᠨᠢ ᠬᠡᠲᠦᠷᠬᠡᠢ ᠬᠠᠩᠭᠠᠵᠤ ᠪᠣᠯᠬᠤ ᠦᠭᠡᠢ᠃ ᠬᠡᠦᠬᠡᠳ ᠤᠬᠢᠯᠠᠵᠤ | ᠪᠠᠷᠬᠢᠷᠠᠬᠤ ᠪᠤᠶᠤ ᠯᠠᠶᠢᠮᠤᠤᠷᠳᠠᠬᠤ ᠦᠶ᠎ᠡ ᠳᠤ ᠰᠠᠨᠠᠭᠰᠠᠨ ᠬᠦᠰᠡᠯ ᠢ ᠨᠢ ᠰᠠᠨᠠᠭ᠎ᠠ ᠪᠠᠷ ᠨᠢ ᠬᠠᠩᠭᠠᠵᠤ ᠥᠭᠪᠡᠯ | ᠭᠡᠷ ᠤᠨ ᠲᠠᠷᠬᠠᠨ ᠸᠠᠩ ᠰᠠᠭᠤᠵᠤ ᠬᠥᠨᠳᠡᠯᠡᠨ ᠭᠤᠯᠳᠤ᠂ ᠶᠣᠰᠣ ᠨᠣᠮ ᠦᠭᠡᠢ ᠪᠣᠯᠳᠠᠭ᠃ 4. ᠬᠡᠵᠢᠶᠡᠳᠡ | ᠬᠡᠦᠬᠡᠳ ᠢ ᠣᠷᠣᠯᠠᠨ ᠬᠡᠷᠡᠭ ᠤᠴᠢᠷ ᠢ ᠭᠦᠢᠴᠡᠳᠬᠡᠵᠦ ᠪᠣᠯᠬᠤ ᠦᠭᠡᠢ᠃ ᠵᠠᠷᠢᠮ ᠡᠴᠢᠭᠡ ᠡᠬᠡ ᠪᠣᠯᠣᠭᠰᠠᠳ ᠬᠡᠦᠬᠡᠳ | ᠨᠢ ᠪᠠᠭ᠎ᠠ ᠯᠠ ᠵᠣᠪᠠᠵᠤ ᠵᠦᠳᠡᠬᠦ ᠪᠤᠶᠤ ᠬᠦᠴᠢᠷ ᠪᠡᠷᠬᠡ ᠲᠤᠯᠭᠠᠷᠠᠮᠠᠭᠴᠠ᠂ ᠲᠡᠳᠡᠨ ᠢ ᠣᠷᠣᠯᠠᠨ ᠬᠡᠷᠡᠭ ᠶᠠᠪᠤᠳᠠᠯ ᠢ ᠨᠢ | ᠭᠦᠢᠴᠡᠳᠬᠡᠵᠦ ᠦᠭᠳᠡᠭ᠃ ᠡᠶᠢᠨᠬᠦ ᠡᠳᠦᠷ ᠤᠳᠠᠬᠤ ᠳᠤ ᠬᠡᠦᠬᠡᠳ ᠬᠦᠴᠢᠷ ᠵᠣᠪᠠᠭᠤᠷᠢ ᠠᠴᠠ ᠠᠶᠤᠨ ᠠᠵᠢᠯ ᠠᠴᠠ | ᠵᠠᠶᠢᠯᠠᠳᠠᠭ ᠠᠯᠵᠠᠭᠤ ᠵᠠᠯᠬᠠᠭᠤ ᠣᠪᠣᠷ ᠲᠠᠢ ᠪᠣᠯᠵᠤ᠂ ᠵᠣᠪᠠᠯ ᠵᠦᠳᠡᠯ ᠢ ᠭᠠᠭᠴᠠᠭᠠᠷ ᠲᠣᠭᠤᠯᠣᠨ ᠭᠠᠷᠬᠤ ᠵᠣᠷᠢᠭ | ᠰᠥᠰᠥ ᠪᠠᠨ ᠠᠯᠳᠠᠵᠤ᠂ ᠠᠵᠢᠯ ᠰᠤᠷᠤᠯᠴᠠᠯᠭ᠎ᠠ᠂ ᠠᠳᠠᠯ ᠠᠮᠢᠳᠤᠷᠠᠯ ᠶᠢᠨ ᠴᠣᠬᠢᠯᠲᠠ ᠪᠤᠶᠤ ᠨᠤᠭᠤᠷᠠᠯ ᠪᠦᠳᠦᠷᠢᠯ ᠢ | ᠲᠡᠰᠴᠦ ᠲᠡᠶᠢᠯᠬᠦ ᠦᠭᠡᠢ ᠪᠣᠯᠳᠠᠭ᠃ |