| | | | - ᠡᠭᠡᠵᠡᠭᠡᠢ ᠠᠭᠠᠷᠤᠤᠯ ᠢᠷᠤᠭᠠᠷ ᠲᠤᠨᠢ ᠳᠡᠪᠲᠦᠭᠰᠡᠨ ᠡᠵᠢ ᠶᠢᠨ ᠪᠣᠷᠣ ᠠᠶᠠᠭ᠎ᠠ ᠬᠠᠷᠠᠭᠳᠠᠭᠠᠳ ᠪᠠᠶᠢᠨ᠎ᠠ | ᠳ᠋ᠠ | | | ᠡᠵᠢ ᠵᠠᠯᠠᠭᠤ ᠪᠠᠶᠢᠬᠤ ᠳᠠᠭᠠᠨ ᠳᠠᠩᠳᠠ ᠰᠠᠭᠠᠯᠢ ᠶᠢᠨ ᠦᠨᠦᠷ ᠲᠠᠢ᠂ ᠴᠠᠢ ᠶᠢᠨ ᠠᠮᠲᠠᠲᠠᠢ ᠰᠠᠨᠠᠭᠳᠠᠳᠠᠭ ᠰᠠᠨ᠃ | ᠲᠣᠮᠣ ᠪᠣᠯᠣᠭᠠᠳ᠂ ᠠᠶᠢᠯ ᠪᠣᠯᠤᠭᠰᠠᠨ ᠴᠤ ᠬᠠᠶᠠ ᠨᠢᠭᠡ ︽ᠠᠶᠢᠯᠴᠢᠯᠠᠬᠤ︾ ᠪᠣᠯᠭᠠᠨ ᠳᠤ ᠮᠥᠨ ᠯᠡ ᠲᠡᠶᠢᠮᠦ ᠯᠡ | ᠦᠨᠦᠷ ᠲᠡᠶᠢᠮᠤ ᠯᠡ ᠠᠮᠲᠠ ᠭᠡᠷ ᠣᠷᠣᠨ ᠠᠴᠠ ᠨᠢ ᠴᠤ ᠠᠩᠬᠢᠯᠤᠨ ᠠᠮᠲᠠᠭᠳᠠᠵᠤ᠂ ᠦᠨᠦᠷᠲᠦᠭᠳᠡᠵᠦ ᠪᠠᠶᠢᠳᠠᠭ ᠨᠢ | ᠪᠦᠷ ᠬᠠᠷ᠎ᠠ ᠪᠠᠭ᠎ᠠ ᠠᠴᠠ ᠰᠡᠳᠬᠢᠯ ᠳᠤ ᠰᠢᠩᠭᠡᠴᠢᠬᠡᠭᠰᠡᠨ ᠤ ᠬᠢ ᠶᠤᠮ ᠦᠦ︕ | | | ᠥᠨᠥ ᠬᠡᠳᠦᠶᠢᠪᠡᠷ ᠡᠵᠢ ᠬᠡᠪᠲᠡᠷᠢ ᠳᠤ ᠣᠷᠣᠭᠰᠠᠨ ᠴᠤ ᠣᠷᠣ ᠳᠡᠷᠡ ᠲᠦᠰᠢᠨ ᠰᠠᠭᠤᠭᠠᠳ ᠬᠠᠭᠤᠷᠤᠭᠰᠠᠨ | ᠠᠮᠤ ᠬᠤᠷᠤᠳ ᠰᠢᠷ᠎ᠠ ᠲᠣᠰᠣ ᠪᠤᠷᠠᠮ ᠲᠡᠷᠢᠭᠦᠲᠡᠨ ᠢᠶᠠᠨ ᠵᠢᠵᠢᠭᠬᠡᠨ ᠴᠠᠢ ᠶᠢᠨ ᠰᠢᠷᠡᠭᠡᠨ ᠳᠡᠭᠡᠷ᠎ᠡ ᠪᠠᠨ ᠲᠠᠩᠰᠤᠭ | ᠦᠷᠦᠴᠢᠭᠡᠭᠡᠳ ᠨᠠᠳᠠ ᠳᠤ ᠬᠠᠨᠢᠰᠤᠨ ᠤᠳᠠᠭᠠᠨ ᠴᠠᠶᠢᠯᠠᠵᠤ ᠰᠠᠭᠤᠯ᠎ᠠ᠃ ᠲᠡᠷᠡ ᠬᠦ ᠡᠨᠡᠷᠢᠩᠭᠦᠢ ᠬᠠᠷᠠᠴᠠᠨ ᠠᠴᠠ ᠨᠢ | ᠭᠦᠷᠲᠡᠯ᠎ᠡ ︽ᠬᠡᠦᠬᠡᠳ ᠮᠢᠨᠢ︕︾ ᠬᠡᠮᠡᠬᠦ ᠬᠠᠶᠢᠷ᠎ᠠ ᠶᠢᠨ ᠠᠮᠲᠠ᠂ ᠡᠨᠡᠷᠢᠭᠰᠡᠨ ᠰᠡᠳᠬᠢᠯ ᠲᠣᠳᠣᠷᠠᠭᠠᠳ ᠯᠡ ᠁ | ᠰᠡᠳᠬᠢᠯ ᠠᠶᠠᠭᠦ᠋ᠢᠷᠡᠭᠡᠳ᠂ ᠪᠦᠷ ᠴᠤ ᠶᠡᠭᠡ ᠰᠢᠮᠰᠢᠷᠡᠭᠰᠡᠨ ᠢ ᠬᠡᠯᠡᠬᠦ ᠦᠦ︕ ᠮᠠᠨ ᠠᠴᠠ ᠠᠯᠭᠤᠷ ᠠᠭᠠᠵᠢᠮ ᠢᠶᠠᠷ | ᠬᠤᠯᠠᠳᠠᠵᠤ ᠪᠤᠢ ᠠᠮᠢ ᠨᠠᠰᠤ ᠨᠢ ᠡᠵᠢ ᠶᠢᠨ ᠦᠨᠦᠷ ᠰᠢᠩᠭᠡᠭᠰᠡᠨ ᠴᠠᠢ ᠪᠠᠷ ᠤᠮᠳᠠᠯᠠᠵᠤ ᠶᠠᠪᠤᠭᠰᠠᠨ ᠪᠠᠭ᠎ᠠ ᠨᠠᠰᠤ ᠲᠠᠢ | ᠮᠢᠨᠢ ᠶᠠᠭᠤᠲᠠᠢ ᠢᠵᠢᠯ ᠠᠵᠢ᠃ ᠶᠠᠭ ᠯᠡ ᠭᠡᠷ ᠤᠨ ᠮᠢᠨᠢ ᠬᠠᠵᠠᠭᠤ ᠪᠠᠷ ᠤᠬᠲᠤ ᠠᠮᠠᠷᠠᠯ ᠦᠭᠡᠢ ᠤᠷᠤᠰᠤᠭᠠᠳ | ᠤᠷᠤᠰᠤᠭᠠᠳ ᠬᠤᠯᠠᠳᠠᠳᠠᠭ ᠬᠠᠬᠢᠷ ᠤᠨ ᠭᠤᠣᠯ ᠤᠨ ᠤᠰᠤ ᠰᠢᠤᠬᠠᠨ ᠰᠠᠨᠠᠭᠳᠠᠬᠤ ᠶᠤᠮ᠃ | | | ᠪᠣᠷᠣᠭᠠᠨ ᠣᠷᠣᠬᠤ ᠭᠡᠵᠦ ᠪᠠᠶᠢᠭ᠎ᠠ ᠶᠤᠮ ᠪᠣᠯᠪᠠᠤ︖ ᠭᠡᠷ ᠤᠨ ᠡᠮᠦᠨᠡᠬᠢ ᠰᠠᠭᠯᠠᠭᠠᠷ ᠤᠳᠠᠨ ᠳᠤ ᠰᠦᠷᠦᠭ | ᠪᠣᠯᠵᠣᠮᠣᠷ ᠪᠣᠰᠣᠨ ᠰᠠᠭᠤᠨ ᠨᠢᠭᠡ ᠶᠡᠭᠡ ᠱᠤᠯᠤᠭᠠᠨᠠᠯᠳᠤᠭᠠᠳ ᠯᠡ᠃ ᠡᠵᠢ ᠶᠢᠨ ᠮᠢᠨᠢ ᠬᠤᠶᠠᠩ ᠰᠢᠷ᠎ᠠ ᠤᠰᠤ ᠲᠠᠢ | ᠬᠥᠯ ᠨᠢ ᠱᠠᠷᠬᠢᠷᠠᠨ ᠡᠪᠡᠳᠴᠦ ᠪᠤᠢ ᠪᠤᠯᠤᠯᠲᠠᠢ᠂ ᠭᠦᠨ ᠭᠦᠨ ᠠᠲᠤᠷᠢᠶ᠎ᠠ ᠬᠤᠨᠢᠶᠠᠰᠤ ᠲᠠᠢ ᠮᠠᠩᠨᠠᠢ ᠳᠤᠨᠢ | ᠪᠤᠷᠴᠠᠭ ᠤᠨ ᠬᠥᠯᠥᠰᠦ ᠲᠠᠭᠠᠪᠤᠷᠢᠯᠠᠬᠤ ᠶᠤᠮ᠃ ᠪᠢ ᠡᠵᠢ ᠶᠢᠨ ᠨᠥᠮᠥᠷᠴᠦ ᠪᠠᠶᠢᠭ᠎ᠠ ᠨᠢᠮᠭᠡᠨ ᠭᠦᠨᠵᠢᠯᠡ ᠶᠢᠨ ᠳᠡᠭᠡᠷ᠎ᠡ | ᠬᠠᠵᠠᠭᠤ ᠳᠤᠨᠢ ᠪᠠᠶᠢᠭᠰᠠᠨ ᠨᠣᠣᠰᠣᠨ ᠭᠦᠷᠮ᠎ᠡ ᠶᠢ ᠨᠢ ᠠᠪᠴᠤ ᠳᠠᠪᠬᠤᠴᠠᠨ ᠨᠦᠮᠦᠷᠢᠭᠦᠯᠵᠦ ᠥᠭᠭᠦᠭᠡᠳ ᠡᠵᠢ ᠶᠢᠨ | ᠬᠥᠬᠡ ᠴᠠᠮᠴᠠ ᠶᠢ ᠡᠭᠡᠯᠳᠦᠷᠭᠡᠯᠡᠨ ᠭᠠᠳᠠᠨ᠎ᠠ ᠳᠣᠲᠣᠨ᠎ᠠ ᠪᠠᠶᠢᠬᠤ ᠵᠦᠢᠯ ᠢ ᠪᠦᠷᠬᠦᠬᠦ ᠶᠢ ᠨᠢ ᠪᠦᠷᠬᠦᠵᠦ ᠭᠡᠷ ᠲᠤ | ᠤᠷᠣᠭᠤᠯᠬᠤ ᠶᠢ ᠨᠢ ᠣᠷᠣᠭᠤᠯᠵᠤ ᠮᠤᠩᠭᠠᠨᠢᠪᠠ᠃ ᠡᠵᠢ ᠶᠢᠨ ᠲᠡᠷᠡ ᠴᠠᠮᠴᠠᠨ ᠠᠴᠠ ᠲᠡᠷᠡ ᠯᠡ ᠨᠢᠭᠡ ᠲᠠᠨᠢᠯ ᠦᠨᠦᠷ | ᠲᠠᠨᠢᠯ ᠠᠮᠲᠠ ᠬᠠᠮᠠᠷ ᠤᠷᠤᠭᠤ᠂ ᠰᠡᠳᠬᠢᠯ ᠤᠷᠤᠭᠤ ᠰᠡᠩᠭᠢ ᠲᠠᠲᠠᠨ᠎ᠠ᠃ ᠠᠢ ᠳ᠋ᠠ᠂ ᠡᠨᠡ ᠯᠡ ᠦᠨᠦᠷ ᠡᠨᠡ ᠯᠡ | ᠠᠮᠲᠠ ᠪᠢᠳᠠ ᠬᠤᠶᠠᠷ ᠤᠳᠠᠯ ᠦᠭᠡᠢ ᠶᠢᠷᠲᠢᠨᠴᠦ ᠶᠢᠨ ᠵᠢᠮ᠎ᠡ ᠪᠠᠷ ᠰᠠᠯᠤᠨ᠎ᠠ ᠳ᠋ᠠ ᠭᠡᠬᠦ ᠠᠴᠠ ᠰᠡᠳᠬᠢᠯ ᠪᠠᠰᠠ ᠴᠦ | ᠤᠶᠠᠷᠠᠪᠠ᠃ | | | ᠪᠢ ᠡᠳᠦᠷᠵᠢᠨ ᠡᠵᠢ ᠶᠢᠨ ᠢᠶᠠᠨ ᠲᠡᠷᠡ ᠴᠠᠮᠴᠠ ᠶᠢ ᠡᠭᠡᠯᠳᠦᠷᠭᠡᠯᠡᠭᠰᠡᠨ ᠬᠡᠪ ᠲᠡᠭᠡᠨ ᠭᠡᠷ ᠭᠠᠳᠠᠨ᠎ᠠ | ᠶᠠᠭᠠᠷᠠᠭᠠᠳ ᠯᠡ ᠪᠠᠶᠢᠯ᠎ᠠ᠃ ᠡᠵᠢ ᠮᠢᠨᠢ ᠡᠷᠡᠭᠦᠯ ᠪᠠᠶᠢᠬᠤ ᠳᠤ ᠳᠠᠩᠳᠠ ᠬᠢᠳᠡᠭ ᠲᠡᠳᠡᠭᠡᠷ ᠠᠵᠢᠯ ᠤᠳ ᠢ ᠪᠠᠶᠢᠷᠢ | ᠪᠠᠶᠢᠷᠢ ᠳᠤᠨᠢ ᠣᠷᠣᠭᠤᠯᠵᠤ ᠲᠠᠯᠪᠢᠬᠤ ᠪᠠᠷ ᠡᠵᠢ ᠮᠢᠨᠢ ᠪᠠᠶᠠᠷᠯᠠᠬᠤ ᠪᠠᠶᠢᠬ᠎ᠠ ᠭᠡᠵᠦ ᠰᠠᠨᠠᠯ᠎ᠠ᠃ ᠲᠡᠷᠡ ᠦᠨᠦᠷ ᠢ ᠲᠡᠷᠡ | ᠠᠮᠲᠠ ᠶᠢ ᠨᠢ ᠪᠡᠶ᠎ᠡ ᠳᠡᠭᠡᠨ ᠰᠢᠩᠭᠡᠭᠡᠳ ᠠᠪᠤᠶ᠎ᠠ ᠭᠡᠵᠦ ᠰᠠᠨᠠᠭᠰᠠᠨ ᠶᠤᠮ᠃ ᠬᠡᠵᠢᠶ᠎ᠡ ᠨᠢᠭᠡ ᠡᠳᠦᠷ ᠡᠵᠢ ᠮᠢᠨᠢ | ᠳᠡᠷᠭᠡᠳᠡ ᠠᠴᠠ ᠨᠢᠰᠤᠨ ᠤᠳᠬᠤ ᠪᠠᠷ ᠲᠡᠷᠡ ᠨᠠᠨᠳᠢᠨ ᠦᠨᠦᠷ ᠠᠮᠲᠠ ᠶᠢ ᠴᠤ ᠭᠡᠰᠡᠨ ᠦᠨᠦᠰᠦᠭᠡᠳ ᠦᠭᠡᠶᠢᠯᠡᠨ | ᠰᠠᠭᠤᠬᠤ ᠰᠠᠨ ᠬᠡᠮᠡᠨ ᠪᠤᠳᠤᠨ᠎ᠠ᠃ ᠬᠠᠷ᠎ᠠ ᠪᠣᠷᠣ ᠠᠵᠢᠯ ᠳᠤ ᠪᠣᠷᠪᠢ ᠪᠣᠬᠢᠰᠬᠢᠯ ᠦᠭᠡᠢ ᠡᠳᠦᠷ ᠤᠳ ᠢ ᠨᠢ ᠪᠤᠲᠣᠵᠤ | ᠰᠠᠨᠠᠵᠤ ᠶᠠᠪᠤᠬᠤ ᠰᠠᠨ ᠬᠡᠮᠡᠨ ᠪᠤᠳᠣᠨ᠎ᠠ᠃ ᠬᠥᠮᠥᠨ ᠦᠷ᠎ᠡ ᠬᠡᠦᠬᠡᠳ ᠤᠨ ᠢᠶᠠᠨ ᠰᠡᠳᠬᠢᠯ ᠳᠤ ᠨᠢᠭᠡ ᠶᠠᠭᠤᠮ᠎ᠠ | ᠬᠤᠨᠣᠭᠰᠢᠭᠤᠯᠤᠨ ᠦᠯᠡᠳᠡᠭᠡᠨ᠎ᠡ ᠭᠡᠳᠡᠭ ᠶᠠᠮᠠᠷ ᠰᠠᠶᠢᠬᠠᠨ ᠠ᠋᠃ ᠪᠢ ᠴᠤ ᠥᠲᠡᠯᠦᠭᠡᠳ ᠢᠷᠡᠬᠦ ᠪᠠᠷ ︽ᠡᠪᠦᠭᠡ ᠴᠢᠨᠢ | ᠡᠮᠡᠭᠡ ᠴᠢᠨᠢ ᠁︾ ᠬᠡᠮᠡᠨ ᠦᠭᠡᠨ ᠤ ᠤᠭᠤᠲᠠ ᠪᠠᠨ ᠳᠡᠯᠭᠡᠨ᠎ᠡ᠃ ᠬᠡᠦᠬᠡᠳ ᠤᠳ ᠮᠢᠨᠢ ᠬᠤᠵᠢᠮ ᠤᠨ ᠬᠤᠵᠢᠮ | ᠪᠠᠰᠠ ᠨᠠᠳᠠ ᠰᠢᠤᠬᠠᠨ ︽ᠡᠪᠦᠭᠡ ᠴᠢᠨᠢ ᠡᠮᠡᠭᠡ ᠴᠢᠨᠢ︾ ᠭᠡᠬᠦ ᠪᠣᠯᠣᠨ᠎ᠠ᠃ ᠬᠥᠮᠥᠨ ᠤ ᠤᠳᠤᠮ ᠤᠭᠰᠠᠭ᠎ᠠ ᠭᠡᠵᠦ | ᠡᠶᠢᠮᠦ ᠯᠡ᠂ ᠬᠤᠶᠢᠨ᠎ᠠ ᠬᠤᠶᠢᠨ᠎ᠠ ᠠᠴᠠ ᠪᠠᠨ ᠦᠷᠭᠦᠯᠵᠢᠯᠡᠭᠡᠳ ᠁ ᠪᠢ ᠡᠵᠢ ᠳᠡᠭᠡᠨ ᠤᠰᠤ ᠴᠠᠢ | ᠳᠥᠬᠦᠭᠦᠯᠵᠦ ᠥᠭᠬᠦ ᠪᠠᠷ ᠤᠳᠠᠬᠤ ᠦᠭᠡᠢ ᠤᠳᠠᠬᠤ ᠦᠭᠡᠢ ᠭᠡᠷ ᠲᠤ ᠣᠷᠣᠨ᠎ᠠ᠃ ᠡᠵᠢ᠄ ︽ᠬᠦᠦ ᠮᠢᠨᠢ ᠵᠦᠭᠡᠷ ᠯᠡ | ᠳᠡᠷᠭᠡᠳᠡ ᠮᠢᠨᠢ ᠰᠠᠭᠤ᠃ ᠬᠥᠮᠥᠨ ᠨᠢᠭᠡ ᠨᠠᠰᠤ ᠪᠠᠷ ᠢᠶᠠᠨ ᠠᠵᠢᠯ ᠢ ᠬᠢᠭᠡᠳ ᠪᠠᠷᠠᠳᠠᠭ ᠦᠭᠡᠢ᠃ ᠠᠵᠢᠯ ᠴᠤ | ᠪᠠᠷᠠᠭᠳᠠᠰᠢ ᠦᠭᠡᠢ᠃ ᠨᠢᠭᠡ ᠢᠷᠡᠭᠰᠡᠨ ᠢᠶᠠᠨ ᠠᠮᠠᠷᠠᠯ ᠳ᠋ᠠ ᠁︾ ᠭᠡᠳ ᠯᠡ ᠰᠤᠯᠠᠬᠠᠨ ᠳᠤᠤᠭᠠᠷᠪᠠ᠃ ᠲᠡᠶᠢᠮᠤ ᠠ᠋ | ᠠᠵᠢᠯ ᠭᠡᠳᠡᠭ ᠢ ᠬᠢᠭᠡᠳ ᠪᠠᠷᠠᠳᠠᠭ ᠦᠭᠡᠢ᠂ ᠪᠠᠰᠠ ᠪᠠᠷᠠᠭᠳᠠᠰᠢ ᠦᠭᠡᠢ ᠪᠠᠶᠢᠳᠠᠭ ᠶᠤᠮ ᠰᠠᠨ᠃ ᠪᠢᠳᠠ ᠭᠡᠷ | ᠪᠦᠯᠢ ᠪᠠᠷ ᠢᠶᠠᠨ ᠵᠢᠯ ᠤᠨ ᠵᠢᠯ ᠠᠪᠤ ᠡᠵᠢ ᠲᠠᠢ ᠪᠠᠨ ᠰᠢᠨᠡᠯᠡᠬᠦ ᠪᠠᠷ ᠪᠢᠲᠡᠭᠦᠨ ᠳᠤ ᠢᠷᠡᠨ᠎ᠡ᠃ ᠢᠷᠡᠬᠦ ᠪᠣᠯᠭᠠᠨ | ᠠᠪᠤ ᠲᠠᠢ ᠪᠠᠨ ᠬᠤᠶᠠᠭᠤᠯᠠ ᠰᠢᠨ᠎ᠡ ᠶᠢᠨ ᠨᠢᠭᠡᠨ ᠤ ᠥᠷᠯᠥᠭᠡ ᠣᠲᠣᠷ ᠲᠤ ᠣᠴᠢᠵᠤ ᠬᠥᠯᠳᠡᠭᠦᠰᠦ ᠠᠪᠴᠤ᠂ | ᠮᠠᠯ ᠢᠶᠠᠨ ᠡᠪᠡᠰᠦᠯᠡᠵᠦ ᠤᠰᠤᠯᠠᠳᠠᠭ᠃ ᠲᠡᠭᠡᠭᠡᠳ ᠪᠠᠭ᠎ᠠ ᠦᠳᠡ ᠶᠢᠨ ᠠᠰ ᠢᠶᠠᠷ ᠣᠲᠣᠷ ᠤᠨ ᠭᠡᠷ ᠲᠡᠭᠡᠨ ᠭᠠᠯ ᠬᠦᠰ | ᠲᠦᠯᠡᠨ ᠤᠲᠤᠭ᠎ᠠ ᠤᠨᠢᠶᠠᠷ ᠭᠠᠷᠭᠠᠨ ᠴᠠᠶᠢᠯᠠᠵᠤ ᠠᠪᠤᠭᠠᠳ ᠪᠤᠴᠠᠳᠠᠭ᠃ ᠬᠠᠷ᠎ᠠ ᠪᠠᠭ᠎ᠠ ᠠᠴᠠ ᠪᠠᠨ ᠮᠠᠯ ᠤᠨᠤᠭ᠎ᠠ | ᠭᠡᠳ ᠶᠠᠳᠠᠷᠠᠵᠤ ᠶᠠᠪᠤᠭ᠎ᠠ ᠳᠡᠭᠦᠦ ᠪᠠᠨ ᠰᠢᠨ᠎ᠡ ᠶᠢᠨ ᠨᠢᠭᠡᠨ ᠤ ᠡᠳᠦᠷ ᠠᠮᠠᠷᠠᠭᠤᠯᠵᠤ ᠪᠤᠢ ᠨᠢ ᠲᠡᠷᠡ᠃ ᠭᠡᠲᠡᠯ᠎ᠡ | ᠬᠡᠵᠢᠶᠡᠳᠡ ᠠᠮᠠᠷᠠᠳᠠᠭ ᠦᠭᠡᠢ ᠨᠢ ᠠᠪᠤ ᠰᠢᠦ᠃ ᠨᠢᠭᠡ ᠨᠠᠰᠤ ᠪᠠᠷ ᠢᠶᠠᠨ ᠮᠠᠯ ᠬᠤᠨᠢ ᠭᠡᠰᠡᠨ ᠠᠪᠤ ᠮᠢᠨᠢ ᠡᠵᠢ ᠰᠢᠭ | ᠬᠡᠪᠲᠡᠷᠢ ᠳᠤ ᠪᠠᠶᠢᠬᠤ ᠳᠠᠭᠠᠨ ᠪᠠᠰᠠ ᠮᠠᠨᠤᠰ ᠢᠶᠠᠷ ᠲᠦᠰᠢᠭᠦᠯᠵᠦ ᠮᠠᠯ ᠠᠬᠤᠢ᠂ ᠬᠠᠰᠢᠶ᠎ᠠ ᠰᠠᠷᠠᠪᠴᠢ ᠪᠠᠨ ᠠᠩᠬᠠᠷᠴᠤ᠂ | ᠬᠥᠮᠥᠨ ᠤ ᠠᠮᠢᠳᠤᠷᠠᠯ ᠤᠨ ᠠᠮᠢᠨ ᠬᠡᠰᠢᠭ ᠪᠣᠯᠤᠭᠰᠠᠨ ᠮᠠᠯ ᠠᠬᠤᠢ ᠪᠠᠨ᠂ ᠥᠪᠡᠷ ᠤᠨ ᠬᠢᠵᠦ ᠪᠦᠲᠦᠭᠡᠭᠰᠡᠨ | ᠠᠮᠢᠳᠤᠷᠠᠯ ᠢᠶᠠᠨ ᠰᠡᠳᠬᠢᠯ ᠳᠡᠭᠡᠨ ᠰᠢᠩᠭᠡᠭᠡᠵᠦ ᠪᠠᠶᠢᠭᠰᠠᠨ᠃ ᠠᠪᠤ ᠯᠡ ᠡᠵᠢ ᠶᠢᠨ ᠪᠦᠬᠦᠢ ᠵᠦᠢᠯ ᠥᠩᠭᠡ ᠳᠦᠷᠢ᠂ | ᠦᠭᠡ ᠵᠣᠭᠤᠭ᠂ ᠤᠬᠠᠭᠠᠨ ᠰᠠᠨᠠᠭᠠᠨ ᠳᠤ ᠬᠠᠳᠠᠩᠰᠢᠨ ᠥᠨᠢ ᠳᠤᠷᠠᠰᠤᠯ ᠪᠣᠯᠣᠨ ᠦᠯᠡᠳᠡᠳᠡᠭ᠃ ᠠᠢ ᠬᠥᠭᠡᠷᠦᠬᠦᠢ᠂ | ᠬᠥᠮᠥᠨ ᠬᠡᠦᠬᠡᠳ ᠤᠨ ᠢᠶᠠᠨ ᠰᠡᠳᠬᠢᠯ ᠳᠤ ᠢᠩᠭᠢᠵᠦ ᠯᠡ ᠮᠥᠩᠬᠡᠷᠡᠳᠡᠭ ᠪᠠᠶᠢᠵᠤ ᠳ᠋ᠠ︕ | | | ᠡᠵᠢ ᠨᠠᠮᠠᠶᠢ ᠵᠠᠬᠢᠵᠤ ᠬᠠᠨ᠎ᠠ ᠳᠠᠭᠠᠭᠤᠯᠤᠭᠰᠠᠨ ᠠᠪᠳᠠᠷ᠎ᠠ ᠠᠴᠠ ᠪᠠᠨ ᠪᠣᠭᠤᠳᠠᠯ ᠪᠠᠭᠯᠠᠭ᠎ᠠ ᠭᠠᠷᠭᠠᠯᠭᠠᠪᠠ᠃ | ᠪᠣᠭᠤᠳᠠᠯ ᠳᠤᠨᠢ ᠨᠠᠭᠠᠴᠤ ᠡᠮᠡᠭᠡ ᠶᠢᠨ ᠵᠢᠷᠠᠨ ᠨᠢᠭᠡᠨ ᠨᠠᠰᠤᠨ ᠤ ᠵᠢᠯ ᠤᠨ ᠪᠠᠶᠠᠷ ᠢᠶᠠᠷ ᠡᠮᠦᠰᠦᠭᠰᠡᠨ ᠴᠠᠶᠢᠪᠤᠷ ᠴᠡᠩᠬᠡᠷ | ᠪᠥᠰ ᠳᠣᠲᠣᠷ ᠲᠠᠢ ᠪᠣᠷᠣ ᠲᠣᠷᠭᠠᠨ ᠲᠡᠷᠯᠢᠭ ᠪᠠᠶᠢᠯ᠎ᠠ᠃ ᠡᠵᠢ ᠮᠢᠨᠢ ᠡᠵᠢ ᠳᠡᠭᠡᠨ ᠭᠡᠵᠦ ᠭᠠᠷ ᠤᠨ ᠢᠶᠠᠨ ᠤᠷ᠎ᠠ ᠶᠢ | ᠭᠠᠷᠭᠠᠨ ᠱᠠᠭᠯᠠᠭᠰᠠᠨ ᠲᠡᠷᠡ ᠲᠡᠷᠯᠢᠭ ᠢᠶᠠᠨ ᠠᠪᠴᠤ᠄ ︽ᠴᠢᠨᠦ ᠨᠠᠭᠠᠴᠤ ᠡᠮᠡᠭᠡ ᠶᠢᠨ ᠴᠢᠨᠢ᠃ ᠨᠠᠭᠠᠴᠤ ᠡᠮᠡᠭᠡ ᠶᠢᠨ | ᠴᠢᠨᠢ ᠪᠡᠶ᠎ᠡ ᠴᠢᠨᠦ ᠡᠬᠡᠨᠡᠷ ᠤᠨ ᠪᠡᠶ᠎ᠡ ᠬᠠᠳᠠ ᠲᠠᠢ ᠪᠠᠷᠤᠭ ᠣᠴᠢᠨ᠎ᠠ᠃ ᠡᠬᠡᠨᠡᠷ ᠲᠡᠭᠡᠨ ᠠᠪᠠᠴᠢᠵᠤ ᠥᠭᠭᠦᠭᠡᠷᠡᠢ᠃ | ᠶᠠᠭᠤᠮ᠎ᠠ ᠬᠡᠦᠮ᠎ᠡ ᠳᠤ ᠭᠠᠮᠲᠠᠢ᠂ ᠪᠠᠰᠠ ᠶᠠᠭᠤᠮ᠎ᠠ ᠶᠢ ᠶᠠᠭᠤᠮ᠎ᠠ ᠪᠤᠯᠭᠠᠵᠤ ᠴᠢᠳᠠᠳᠠᠭ ᠬᠡᠦᠬᠡᠳ ᠶᠤᠮ︾ ᠭᠡᠳ ᠳᠡᠭᠡᠷ᠎ᠡ | ᠳᠣᠣᠷ᠎ᠠ ᠳᠠᠪᠬᠤᠴᠠᠬᠤ ᠠᠮᠢᠰᠬᠤᠭ᠎ᠠ ᠪᠠᠨ ᠲᠡᠩᠴᠡᠭᠦᠯᠵᠦ ᠠᠭᠠᠵᠢᠮ ᠶᠠᠷᠢᠨ᠎ᠠ᠃ ᠪᠢ ᠬᠡᠴᠢᠨᠡᠨ ᠵᠢᠯ ᠳᠠᠷᠤᠭᠳᠠᠨ | ᠬᠠᠳᠠᠭᠠᠯᠠᠭᠳᠠᠭᠰᠠᠨ ᠡᠨᠡ ᠲᠡᠷᠯᠢᠭ ᠢ ᠲᠣᠰᠣᠨ ᠠᠪᠴᠤ ᠦᠨᠦᠷᠯᠡᠵᠦ ᠲᠡᠪᠡᠷᠢᠵᠦ ᠥᠬᠢᠨ ᠪᠦᠰᠡᠭᠦᠢ ᠮᠡᠲᠦ ᠦᠭᠡ | ᠦᠭᠡᠢ ᠨᠡᠯᠢᠶᠡᠳ ᠰᠠᠭᠤᠪᠠ᠃ ᠠᠢ ᠳ᠋ᠠ᠂ ︽ᠡᠳ᠋ ᠮᠥᠩᠬᠡ ᠡᠵᠡᠨ ᠨᠢ ᠬᠡᠪᠡᠷᠡᠭ︾ ᠭᠡᠳᠡᠭ ᠢ ᠡᠨᠡ ᠯᠡ ᠲᠡᠷᠯᠢᠭ | ᠬᠠᠷᠠᠭᠤᠯᠤᠭᠠᠳ ᠪᠠᠶᠢᠨ᠎ᠠ ᠭᠡᠭᠡᠴᠢ︕ ᠪᠢ ᠡᠵᠢ ᠪᠠᠨ ᠪᠠᠶᠠᠰᠬᠠᠬᠤ ᠭᠡᠵᠦ ᠲᠡᠷᠯᠢᠭ ᠢ ᠪᠡᠶ᠎ᠡ ᠳᠡᠭᠡᠨ ᠲᠠᠭᠠᠷᠠᠭᠤᠯᠤᠨ | ᠬᠡᠦᠬᠡᠳ ᠭᠡᠮᠡᠷ ᠠᠯᠢᠶᠠᠯᠠᠨ ᠡᠷᠭᠢᠯᠳᠦᠪᠡ᠃ ᠲᠡᠭᠡᠵᠦ ᠬᠡᠳᠦᠨᠲᠡ ᠡᠷᠭᠢᠯᠳᠦᠬᠦ ᠪᠠᠷ ᠰᠡᠪᠡᠯᠵᠡᠭᠰᠡᠨ ᠵᠢᠪᠠᠷ ᠠᠴᠠ ᠨᠢ ᠮᠥᠨ | ᠯᠡ ᠴᠠᠢ ᠶᠢᠨ ᠠᠮᠲᠠ᠂ ᠴᠠᠢ ᠶᠢᠨ ᠦᠨᠦᠷ ᠰᠦ ᠰᠠᠭᠠᠯᠢ ᠠᠷᠭᠠᠯ ᠬᠤᠷᠭᠤᠯ ᠤᠨ ᠦᠨᠦᠷ ᠬᠠᠩᠬᠤᠯᠤᠭᠠᠳ᠃ | | | ᠮᠢᠨᠤ ᠨᠢᠳᠦᠨ ᠳᠤ ᠨᠢᠯᠪᠤᠰᠤ ᠵᠠᠶᠢᠷᠯᠠᠭᠠᠳ ᠁ ᠪᠢ ᠲᠦᠷᠭᠡᠬᠡᠨ ᠭᠠᠳᠠᠨ᠎ᠠ ᠭᠠᠷᠤᠯ᠎ᠠ᠃ ᠵᠣᠨ ᠤ ᠰᠡᠭᠦᠯ | ᠰᠠᠷ᠎ᠠ ᠶᠢᠨ ᠲᠡᠭᠷᠢ ᠪᠠᠰᠠ ᠪᠣᠷᠣᠭᠠᠯᠠᠵᠤ ᠪᠠᠶᠢᠨ᠎ᠠ ᠪᠢᠯᠡ᠃ ᠦᠭᠰᠦᠲᠦ ᠶᠢᠨ ᠥᠨᠳᠥᠷ ᠣᠷᠣᠢ ᠪᠠᠨ ᠡᠯᠡᠭᠳᠡᠨ᠎ᠡ | ᠬᠡᠮᠡᠨ ᠪᠤᠲᠤᠭ᠎ᠠ ᠦᠭᠡᠢ ᠥᠯ ᠪᠤᠭᠤᠷᠤᠯ ᠡᠵᠢ ᠪᠠᠨ ᠥᠲᠡᠯᠦᠨ᠎ᠡ ᠬᠡᠮᠡᠨ ᠪᠤᠳᠤᠭ᠎ᠠ ᠦᠭᠡᠢ ᠁ |