| | | | ᠮᠣᠩᠭᠤᠯᠴᠤᠳ ᠪᠣᠰᠤᠭ᠎ᠠ ᠪᠢᠴᠢᠭ ᠲᠡᠭᠡᠨ ᠵᠣᠬᠢᠴᠠᠭᠤᠯᠵᠤ ᠦᠵᠦᠭ ᠬᠡᠷᠡᠭᠯᠡᠵᠦ ᠪᠠᠶᠢᠭᠰᠠᠨ ᠭᠡᠳᠡᠭ ᠢ | ᠶᠠᠭᠤᠨ ᠤ ᠡᠮᠦᠨ᠎ᠡ ᠲᠡᠭᠷᠢ ᠰᠢᠲᠦᠯᠭᠡ ᠶᠢᠨ ᠦᠵᠡᠯ ᠠᠴᠠ ᠪᠤᠢ ᠪᠣᠯᠤᠭᠰᠠᠨ ᠪᠣᠰᠤᠭ᠎ᠠ ᠲᠡᠩᠭᠡᠯᠢᠭ ᠤᠨ ᠴᠣᠭᠴᠠᠲᠤ | ᠰᠡᠳᠬᠢᠬᠦᠢ ᠠᠴᠠ ᠨᠢ ᠲᠠᠨᠢᠨ ᠮᠡᠳᠡᠷᠡᠵᠦ ᠪᠣᠯᠣᠨ᠎ᠠ᠃ ᠮᠣᠩᠭᠤᠯ ᠦᠰᠦᠭ ᠪᠣᠯ ᠠᠮᠢ ᠲᠠᠢ ᠪᠣᠰᠤᠭ᠎ᠠ ᠴᠣᠭᠴᠠ ᠶᠤᠮ᠃ | ᠲᠢᠲᠢᠮ᠂ ᠲᠣᠯᠣᠭᠠᠢ᠂ ᠰᠢᠳᠤ᠂ ᠨᠢᠷᠤᠭᠤ᠂ ᠭᠡᠳᠡᠰᠦ᠂ ᠰᠢᠯᠪᠢ᠂ ᠰᠡᠬᠦᠯ ᠬᠡᠮᠡᠨ ᠠᠮᠢ ᠲᠠᠢ ᠡᠷᠬᠡᠲᠡᠨ ᠢᠶᠠᠷ ᠨᠡᠷᠡᠯᠡᠬᠦ ᠪᠠ | ᠳᠡᠭᠡᠷ᠎ᠡ ᠠᠴᠠ ᠳᠣᠷᠣᠭᠰᠢ ᠭᠤᠯᠳᠤ ᠪᠠᠷ ᠪᠢᠴᠢᠵᠦ ᠲᠡᠭᠷᠢ ᠭᠠᠵᠠᠷ ᠬᠥᠮᠥᠨ ᠠᠮᠢᠳᠠᠨ ᠤ ᠨᠢᠭᠡᠳᠦᠯ ᠢ ᠲᠣᠳᠣᠷᠬᠠᠢ | ᠢᠯᠡᠷᠬᠡᠶᠢᠯᠡᠵᠦ ᠪᠠᠶᠢᠳᠠᠭ᠃ ᠵᠦᠪᠭᠡᠨ ︽ᠬᠠᠨ︾ ᠭᠡᠳᠡᠭ ᠦᠭᠡ ᠶᠢᠨ ᠡᠷᠲᠡᠨ ᠤ ᠪᠢᠴᠢᠯᠭᠡ ᠪᠠᠷ ᠦᠵᠡᠪᠡᠯ᠂ ᠲᠡᠭᠷᠢ ᠠᠴᠠ | ᠤᠯᠪᠠᠭ᠎ᠠ ᠲᠠᠢ ᠡᠨᠡ ᠦᠰᠦᠭ ᠲᠡᠭᠦᠨ ᠤ ︽ᠨ︾ ᠭᠡᠰᠡᠨ ᠵᠢᠷᠤᠯᠭᠠᠲᠤ ᠰᠡᠬᠦᠯ ᠢᠶᠠᠷ ᠢᠶᠠᠨ ᠲᠤᠯᠭᠠᠭᠤᠷᠢ ᠪᠤᠯᠭᠠᠵᠤ | ᠲᠡᠭᠷᠢ ᠶᠢᠨ ᠪᠣᠱᠤᠭ ᠭᠠᠵᠠᠷ ᠤᠨ ᠡᠰᠢ ᠶᠢ ᠬᠤᠯᠪᠣᠵᠤ ᠪᠠᠶᠢᠬᠤ ᠪᠠᠷ ᠪᠡᠯᠭᠡᠳᠡᠵᠡᠢ᠃ ᠡᠷᠲᠡᠨ ᠤ ᠮᠣᠩᠭᠤᠯ ᠦᠰᠦᠭ ᠤᠨ | ᠤᠷᠤᠭᠰᠢ ᠬᠤᠶᠢᠰᠢ ᠪᠢᠴᠢᠭᠳᠡᠬᠦ ᠰᠠᠬᠦᠯ ᠢ ᠴᠥᠮ ᠵᠣᠬᠢᠬᠤ ᠬᠡᠮᠵᠢᠶ᠎ᠡ ᠪᠠᠷ ᠳᠣᠷᠣᠭᠰᠢ ᠰᠤᠩᠭᠠᠨ ᠲᠠᠲᠠᠨ᠎ᠠ᠃ ᠡᠨᠡ | ᠢᠯᠡᠷᠬᠡᠶᠢᠯᠡᠯ ᠢ ᠵᠠᠪᠠᠯ ᠬᠠᠲᠠᠭᠤ ᠮᠠᠲ᠋ᠧᠷᠢᠶᠠᠯ ᠢᠶᠠᠷ ᠬᠢᠭᠰᠡᠨ ᠦᠵᠦᠭ ᠢᠶᠠᠷ ᠪᠢᠴᠢᠵᠦ ᠪᠡᠶᠡᠯᠡᠭᠳᠡᠭᠦᠯᠬᠦ ᠶᠢ ᠱᠠᠭᠠᠷᠳᠠᠬᠤ | ᠠᠵᠢ᠃ ᠲᠠᠷᠠᠭ᠎ᠠ ᠨᠢ᠂ ᠠᠪᠢᠶᠠᠨ ᠤ ᠲᠡᠮᠳᠡᠭ ᠤᠨ ᠤᠨᠴᠠᠭᠠᠢ ᠰᠣᠩᠭᠤᠯᠲᠠ ᠠᠴᠠ ᠭᠠᠳᠠᠨ᠎ᠠ ᠪᠢᠴᠢᠯᠭᠡ ᠶᠢᠨ ᠭᠡᠯᠪᠡᠷᠢ ᠨᠢ | ᠴᠦ ᠤᠳᠤ ᠶᠢᠨ ᠪᠢᠴᠢᠯᠭᠡ ᠠᠴᠠ ᠥᠭᠡᠷ᠎ᠡ ᠦᠨᠳᠦᠰᠦᠨ ᠲᠣᠭᠲᠠᠯᠴᠠᠭ᠎ᠠ ᠲᠠᠢ ᠪᠠᠶᠢᠳᠠᠭ ᠨᠢ ᠦᠵᠦᠭ ᠲᠠᠢ ᠰᠢᠭᠤᠳ | ᠬᠤᠯᠪᠣᠭᠳᠠᠯᠲᠠᠢ ᠠᠴᠠ ᠪᠣᠯᠵᠠᠢ᠃ ᠵᠢᠱᠢᠶᠡᠯᠡᠪᠡᠯ᠂ ︽ᠠ᠂ ᠪᠠ᠂ ᠬᠠ᠂ ᠬᠡ᠂ ᠯᠠ᠂ ᠮᠠ᠂ ᠳ᠋ᠠ᠂ ᠵᠠ᠂ ᠢ᠂ ᠤ᠂ ᠠ᠂ ᠪ︾ | ᠮᠡᠲᠦ ᠶᠢᠨ ᠦᠰᠦᠭᠯᠡᠪᠤᠷᠢ ᠶᠢ ᠪᠢᠴᠢᠬᠦ ᠠᠷᠭ᠎ᠠ ᠳᠤ ᠠᠴᠤᠭ ᠪᠣᠯ ᠦᠨᠳᠦᠰᠦᠨ ᠳᠡᠭᠡᠨ ᠬᠡᠪᠲᠡᠭᠡ ᠴᠢᠭᠯᠡᠯ ᠳᠤ | ᠪᠢᠴᠢᠭᠳᠡᠳᠡᠭ᠂ ︽ᠮᠠ᠂ ᠯᠠ︾ ᠶᠢᠨ ᠭᠡᠵᠢᠭᠡ ᠡᠪᠡᠷ ᠨᠢ ᠴᠦ ᠲᠡᠭᠰᠢ ᠥᠨᠴᠥᠭ ᠲᠠᠢ᠂ ᠣᠨᠴᠠᠭᠠᠶᠢᠯᠠᠨ ︽ ᠶᠢᠨ︾ ᠢ | ᠪᠢᠴᠢᠬᠦ ᠳᠤ ᠤᠷᠳᠤ ᠰᠢᠯᠪᠢ ᠶᠢ ᠤᠳᠤ ᠶᠢᠨ ᠮᠡᠲᠦ ᠵᠡᠭᠦᠨ ᠤᠷᠤᠭᠰᠢ ᠭᠤᠯᠭᠤᠭᠤᠯᠬᠤ ᠪᠢᠰᠢ᠂ ᠬᠠᠷᠢᠨ ᠵᠡᠭᠦᠨ | ᠲᠠᠰᠢᠭᠤ ᠠᠴᠠ ᠪᠠᠷᠠᠭᠤᠨᠰᠢ ᠥᠭᠡᠳᠡᠯᠡᠭᠦᠯᠦᠨ ᠨᠢᠷᠤᠭᠤ ᠬᠦᠷᠭᠡᠭᠡᠳ᠂ ᠰᠡᠬᠦᠯ ︵ᠣᠷᠬᠢᠴᠠ ᠶᠢ︶ ᠢ ᠨᠢ ᠴᠦ ᠠᠷᠤ ᠵᠦᠭ | ᠤᠷᠬᠢᠬᠤ ᠶᠢ ᠴᠢᠬᠤᠯᠠᠴᠢᠯᠠᠬᠤ ᠪᠢᠰᠢ᠂ ᠬᠠᠷᠢᠨ ᠲᠤᠰ ᠪᠦᠷᠢ ᠳᠣᠷᠣᠭᠰᠢ ᠲᠠᠲᠠᠵᠤ ᠭᠠᠷᠭᠠᠳᠠᠭ ᠣᠨᠴᠠᠯᠢᠭ ᠲᠠᠢ | ᠪᠠᠶᠢᠨ᠎ᠠ᠃ ᠡᠨᠡ ᠨᠢ ᠠᠶᠠᠨᠳᠠᠭᠠᠨ ᠦᠵᠦᠭ ᠤᠨ ᠪᠢᠴᠢᠯᠭᠡ ᠳᠤ ᠲᠣᠬᠢᠷᠠᠵᠤ ᠪᠠᠶᠢᠨ᠎ᠠ᠃ |