| | | | ᠮᠣᠷᠢᠲᠠᠨ ᠦᠨᠳᠦᠰᠦᠲᠡᠨ ᠮᠣᠩᠭᠤᠯᠴᠤᠳ ᠲᠤ ᠥᠨᠢᠷ ᠪᠠᠶᠠᠯᠢᠭ ᠠᠳᠤᠭᠤᠨ ᠰᠣᠶᠣᠯ ᠲᠠᠢ ᠪᠠᠶᠢᠳᠠᠭ᠃ ᠲᠡᠷᠡ | ᠨᠢ ᠨᠡᠷᠡᠶᠢᠳᠦᠯ᠂ ᠥᠩᠭᠡ ᠵᠢᠰᠦᠮ᠂ ᠨᠠᠰᠤ ᠰᠢᠲᠦ᠂ ᠠᠯᠬᠤᠳᠠᠯ ᠭᠢᠰᠬᠢᠳᠡᠯ ᠠᠴᠠ ᠠᠪᠤᠭᠠᠳ ᠡᠳᠦᠷ ᠲᠤᠳᠤᠮ ᠤᠨ | ᠡᠳ᠋ᠯᠡᠵᠦ ᠬᠡᠷᠡᠭᠯᠡᠬᠦ᠂ ᠠᠷᠠᠴᠢᠯᠠᠵᠤ ᠳᠣᠳᠣᠮᠳᠠᠬᠤ ᠵᠢᠴᠢ ᠣᠨᠴᠠᠭᠠᠢ ᠴᠠᠭ ᠦᠶ᠎ᠡ ᠶᠢᠨ ᠵᠠᠩ ᠦᠢᠯᠡ᠂ ᠴᠡᠭᠡᠷ ᠶᠣᠰᠣ | ᠵᠡᠷᠭᠡ ᠪᠠᠶᠠᠯᠢᠭ ᠠᠭᠤᠯᠬᠤᠨ ᠲᠠᠢ ᠪᠠᠶᠢᠳᠠᠭ᠃ ᠠᠳᠤᠭᠤ ᠶᠢ ᠥᠩᠭᠡ ᠵᠢᠰᠦᠮ ᠢᠶᠠᠷ ᠨᠢ ᠢᠯᠭᠠᠨ ᠨᠡᠷᠡᠯᠡᠬᠦ ᠳᠤ | ᠭᠤᠣᠯᠳᠠᠭᠤ ᠦᠰᠦ ᠰᠣᠷ ᠤᠨ ᠬᠢᠨᠢ ᠥᠩᠭᠡ ᠶᠢ ᠦᠨᠳᠦᠰᠦᠯᠡᠳᠡᠭ᠃ | | | ᠠᠳᠤᠭᠤᠨ ᠤ ᠥᠩᠭᠡ ᠵᠢᠰᠦᠮ ᠵᠠᠭᠤ ᠮᠢᠩᠭ᠎ᠠ ᠪᠠᠷ ᠲᠣᠭᠠᠯᠠᠭᠳᠠᠬᠤ ᠪᠣᠯᠪᠠᠴᠤ ᠦᠰᠦ ᠰᠣᠷ ᠤᠨ ᠬᠢᠨᠢ | ᠦᠨᠳᠦᠰᠦᠨ ᠥᠩᠭᠡ ᠶᠢ ᠦᠨᠳᠦᠰᠦᠯᠡᠭᠡᠳ ᠳᠠᠩ ᠵᠢᠰᠦᠮ ᠪᠠ ᠳᠠᠪᠬᠤᠷ ᠵᠢᠰᠦᠮ ᠭᠡᠵᠦ ᠬᠤᠶᠠᠷ ᠬᠤᠪᠢᠶᠠᠨ᠎ᠠ᠃ ᠲᠠᠩ | ᠵᠢᠰᠦᠮ ᠳᠤ ᠬᠠᠷ᠎ᠠ᠂ ᠬᠡᠭᠡᠷ᠂ ᠬᠦᠷᠡᠩ᠂ ᠬᠤᠸᠠ᠂ ᠵᠡᠭᠡᠷᠳᠡ᠂ ᠰᠠᠭᠠᠷᠠᠯ᠂ ᠰᠢᠷᠭ᠎ᠠ ᠵᠡᠷᠭᠡ ᠪᠣᠢ᠃ ᠳᠠᠪᠬᠤᠷ ᠵᠢᠰᠦᠮ ᠭᠡᠪᠡᠯ | ᠠᠳᠤᠭᠤᠨ ᠤ ᠦᠰᠦ ᠰᠣᠷ ᠨᠢ ᠬᠤᠶᠠᠷ ᠪᠤᠶᠤ ᠬᠤᠶᠠᠷ ᠠᠴᠠ ᠳᠡᠭᠡᠭᠰᠢ ᠥᠩᠭᠡ ᠨᠡᠶᠢᠯᠡᠯᠳᠦᠭᠰᠡᠨ ᠢ ᠬᠡᠯᠡᠨ᠎ᠡ᠂ | ᠳᠠᠪᠬᠤᠷ ᠵᠢᠰᠦᠮ ᠳᠤ ᠬᠠᠯᠢᠭᠤᠨ᠂ ᠪᠣᠷᠣ᠂ ᠪᠤᠭᠤᠷᠤᠯ᠂ ᠠᠯᠠᠭ ᠴᠣᠬᠤᠷ᠂ ᠬᠠᠯᠲᠠᠷ ᠵᠡᠷᠭᠡ ᠪᠠᠶᠢᠳᠠᠭ᠃ ᠳᠠᠪᠬᠤᠷ ᠵᠢᠰᠦᠮ | ᠨᠢ ᠬᠤᠶᠠᠷ ᠠᠴᠠ ᠳᠡᠭᠡᠭᠰᠢ ᠥᠩᠭᠡ ᠨᠡᠶᠢᠯᠡᠯᠳᠦᠭᠰᠡᠨ ᠪᠣᠯᠬᠤᠷ ᠭᠤᠣᠯ ᠪᠣᠯᠬᠤ ᠦᠰᠦ᠂ ᠰᠣᠷ ᠤᠨ ᠬᠢᠨᠢ ᠥᠩᠭᠡ ᠶᠢ | ᠬᠤᠯᠢᠯᠳᠤᠭᠰᠠᠨ ᠥᠩᠭᠡ ᠪᠠᠷ ᠨᠢ ᠲᠣᠳᠣᠳᠬᠠᠨ ᠨᠡᠷᠡᠯᠡᠬᠦ ᠲᠤᠯᠠ ᠳᠠᠪᠬᠤᠷ ᠵᠢᠰᠦᠮ ᠤᠨ ᠨᠡᠷᠡᠶᠢᠳᠦᠯ ᠲᠤᠩ ᠣᠯᠠᠨ | ᠪᠣᠯᠬᠤ ᠪᠥᠭᠡᠳ ᠨᠠᠷᠢᠨ ᠢᠯᠭᠠᠭ᠎ᠠ ᠲᠠᠢ ᠪᠠᠶᠢᠳᠠᠭ᠃ ᠵᠢᠱᠢᠶᠡᠯᠡᠪᠡᠯ᠄ ᠬᠡᠭᠡᠷ ᠵᠢᠰᠦᠮ ᠤᠨ ᠮᠣᠷᠢ ᠶᠢ ᠲᠡᠭᠦᠨ ᠤ | ᠬᠤᠯᠢᠯᠳᠤᠭᠰᠠᠨ ᠦᠰᠦ ᠰᠣᠷ ᠢᠶᠠᠷ ᠨᠢ ᠲᠣᠳᠣᠳᠬᠠᠬᠤ ᠳᠤ ᠬᠠᠷ᠎ᠠ ᠬᠡᠭᠡᠷ᠂ ᠬᠠᠯᠲᠠᠷ ᠬᠡᠭᠡᠷ᠂ ᠤᠯᠠᠭᠠᠨ ᠬᠡᠭᠡᠷ᠂ ᠭᠡᠬᠦ ᠁ | ᠰᠠᠭᠠᠷᠠᠯ ᠮᠣᠷᠢ ᠶᠢ ᠴᠠᠭ᠎ᠠ ᠰᠠᠭᠠᠷᠠᠯ᠂ ᠴᠢᠯᠪᠠᠩ ᠰᠠᠭᠠᠷᠠᠯ᠂ ᠤᠯᠠᠭᠠᠨ ᠰᠠᠭᠠᠷᠠᠯ᠂ ᠬᠥᠬᠡ ᠰᠠᠭᠠᠷᠠᠯ᠂ ᠬᠠᠯᠢᠭᠤᠨ ᠰᠠᠭᠠᠷᠠᠯ | ᠭᠡᠬᠦ ᠮᠡᠲᠦᠴᠢᠯᠡᠨ ᠨᠠᠷᠢᠨ ᠢᠯᠭᠠᠵᠤ ᠪᠣᠯᠣᠨ᠎ᠠ᠃ ᠮᠣᠷᠢᠨ ᠳᠤ ᠪᠠᠭ᠋ᠠᠲᠠᠢ ᠮᠣᠩᠭᠤᠯᠴᠤᠳ ᠰᠠᠶᠢᠨ ᠮᠠᠭᠤ ᠮᠣᠷᠢ ᠶᠢ | ᠠᠯᠬᠤᠳᠠᠯ ᠭᠢᠰᠬᠢᠳᠡᠯ ᠢᠶᠠᠷ ᠨᠢ ᠰᠢᠨᠵᠢᠨ ᠮᠡᠳᠡᠳᠡᠭ᠃ ᠮᠣᠷᠢᠨ ᠤ ᠶᠠᠪᠤᠳᠠᠯ ᠢ ᠶᠡᠷᠦᠩᠬᠡᠢ ᠳᠤ ᠪᠠᠨ ᠤᠷᠠᠨ ᠶᠠᠪᠤᠳᠠᠯ᠂ | ᠡᠩ ᠤᠨ ᠶᠠᠪᠤᠳᠠᠯ ᠭᠡᠵᠦ ᠬᠤᠶᠠᠷ ᠬᠤᠪᠢᠶᠠᠳᠠᠭ᠃ ᠡᠭᠦᠨ ᠳᠤ ᠤᠷᠠᠨ ᠶᠠᠪᠤᠳᠠᠯ ᠳᠤ ᠵᠢᠷᠤᠭ᠎ᠠ᠂ ᠰᠠᠶᠢᠪᠤᠷ᠂ ᠬᠤᠸᠠᠷ | ᠬᠠᠲᠠᠷᠢᠶ᠎ᠠ ᠪᠠᠭᠲᠠᠵᠤ᠂ ᠡᠩ ᠤᠨ ᠶᠠᠪᠤᠳᠠᠯ ᠳᠤ ᠱᠣᠭᠰᠢᠶ᠎ᠠ᠂ ᠬᠠᠲᠠᠷᠢᠶ᠎ᠠ᠂ ᠳᠠᠪᠬᠢᠶ᠎ᠠ᠂ ᠠᠯᠬᠤᠭ᠎ᠠ᠂ ᠰᠡᠭᠡᠯᠭᠡ ᠵᠡᠷᠭᠡ ᠪᠣᠢ᠃ | ᠵᠢᠷᠤᠭ᠎ᠠ ᠪᠣᠯ ᠮᠣᠷᠢᠨ ᠤ ᠬᠠᠮᠤᠭ ᠤᠨ ᠰᠠᠶᠢᠨ ᠶᠠᠪᠤᠳᠠᠯ ᠪᠣᠯᠣᠨ᠎ᠠ᠃ ᠡᠶᠢᠨᠬᠦ ᠵᠢᠷᠤᠭ᠎ᠠ ᠮᠣᠷᠢᠨ ᠤ ᠲᠤᠰᠬᠠᠢ | ᠤᠷᠤᠯᠳᠤᠭᠠᠨ ᠪᠠᠷᠤᠭ ᠤᠷᠤᠯᠳᠤᠭᠠᠨ ᠪᠦᠷᠢ ᠳᠤ ᠪᠠᠶᠢᠳᠠᠭ ᠶᠤᠮ᠃ ᠵᠢᠷᠤᠭ᠎ᠠ ᠮᠣᠷᠢᠨ ᠤ ᠥᠷᠥᠭᠡᠯ ᠬᠤᠶᠠᠷ ᠬᠥᠯ ᠨᠢ | ᠵᠡᠷᠭᠡ ᠪᠠᠷ ᠲᠤᠰᠬᠤ ᠲᠤᠯᠠ ᠨᠢᠭᠡ ᠠᠯᠬᠤᠮ ᠳᠤ ᠬᠤᠶᠠᠷ ᠲᠤᠭᠤᠷᠠᠢ ᠶᠢᠨ ᠳᠠᠭᠤᠨ ᠭᠠᠷᠬᠤ ᠪᠥᠭᠡᠳ ᠠᠯᠬᠤᠮ | ᠪᠦᠷᠢ ᠶᠢᠨ ᠵᠠᠢ ᠪᠣᠯᠣᠨ ᠲᠤᠰᠤᠯᠲᠠ ᠨᠢ ᠵᠢᠭᠳᠡ ᠰᠣᠨᠣᠰᠳᠠᠵᠤ᠂ ᠮᠣᠷᠢᠨ ᠤ ᠨᠢᠷᠤᠭᠤ ᠵᠡᠭᠦᠨᠰᠢ ᠪᠠᠷᠠᠭᠤᠨᠰᠢ ᠪᠠᠭ᠎ᠠ | ᠬᠥᠳᠡᠯᠬᠦ ᠠᠴᠠ ᠪᠢᠰᠢ᠂ ᠳᠡᠭᠡᠭᠰᠢ ᠳᠣᠭᠤᠭᠰᠢ ᠳᠡᠮᠡᠢ ᠬᠥᠳᠡᠯᠬᠦ ᠦᠭᠡᠢ ᠪᠠᠶᠢᠳᠠᠭ᠃ ᠵᠢᠷᠤᠭ᠎ᠠ ᠶᠠᠪᠤᠳᠠᠯ ᠨᠢ ᠮᠣᠷᠢᠨ | ᠳᠦᠷᠪᠡᠨ ᠮᠥᠴᠢ ᠪᠣᠯᠣᠨ ᠲᠤᠭᠤᠷᠠᠢ ᠰᠢᠭᠢᠷ᠎ᠡ ᠶᠢ ᠴᠢᠭᠢᠷᠠᠭᠵᠢᠭᠤᠯᠳᠠᠭ᠃ ᠠᠳᠤᠭᠤ ᠶᠢ ᠨᠠᠰᠤ ᠰᠢᠲᠤ ᠪᠠᠷ ᠨᠢ | ᠢᠯᠭᠠᠵᠤ ᠨᠡᠷᠡᠯᠡᠵᠤ ᠪᠣᠯᠳᠠᠭ᠃ ᠨᠢᠭᠡ ᠨᠠᠰᠤᠨ ᠤ ᠬᠢ ᠶᠢ ᠤᠨᠠᠭ᠎ᠠ᠂ ᠬᠤᠶᠠᠷ ᠨᠠᠰᠤᠨ ᠤ ᠬᠢ ᠶᠢ ᠳᠠᠭ᠎ᠠ᠂ ᠭᠤᠷᠪᠠᠨ | ᠨᠠᠰᠤᠨ ᠳᠤ ᠪᠠᠨ ᠡᠭᠦᠳᠡᠨ ᠰᠢᠳᠦ ᠨᠢ ᠬᠤᠶᠠᠷ ᠬᠠᠯᠪᠠᠭ᠎ᠠ ᠲᠠᠢ ᠪᠣᠯᠪᠠᠯ ᠰᠢᠳᠦᠯᠡᠩ ᠭᠡᠵᠦ᠂ ᠳᠦᠷᠪᠡᠨ | ᠨᠠᠰᠤᠨ ᠳᠤ ᠪᠠᠨ ᠳᠦᠷᠪᠡᠨ ᠬᠠᠯᠪᠠᠭ᠎ᠠ ᠲᠠᠢ ᠪᠣᠯᠪᠠᠯ ᠬᠢᠵᠠᠭᠠᠯᠠᠩ ᠭᠡᠵᠦ᠂ ᠲᠠᠪᠤᠨ ᠨᠠᠰᠤᠨ ᠳᠤ ᠪᠠᠨ ᠵᠢᠷᠭᠤᠭᠠᠨ | ᠬᠠᠯᠪᠠᠭ᠎ᠠ ᠲᠠᠢ ᠪᠣᠯᠪᠠᠯ ᠰᠣᠶᠣᠭᠠᠯᠠᠩ ᠭᠡᠵᠦ᠂ ᠵᠢᠷᠭᠤᠭᠠᠨ ᠨᠠᠰᠤᠨ ᠠᠴᠠ ᠳᠡᠭᠡᠭᠰᠢᠬᠢ ᠶᠢ ᠶᠡᠷᠦᠩᠬᠡᠢ ᠳᠤ ᠨᠢ | ᠪᠦᠳᠦᠭᠦᠨ ᠮᠣᠷᠢ ᠭᠡᠳᠡᠭ᠃ ᠬᠦᠢᠰᠦ ᠢᠯᠭᠠᠯ ᠢᠶᠠᠷ ᠨᠢ᠂ ᠠᠵᠢᠷᠭ᠎ᠠ᠂ ᠠᠭᠲᠠ᠂ ᠭᠡᠭᠦᠦ ᠭᠡᠵᠦ ᠨᠡᠷᠡᠯᠡᠭᠡᠳ᠂ ᠳᠣᠲᠣᠷ᠎ᠠ ᠨᠢ | ᠪᠠᠰᠠ ᠨᠠᠷᠢᠨ ᠢᠯᠭᠠᠳᠠᠭ᠃ ᠠᠵᠢᠷᠭ᠎ᠠ ᠭᠡᠪᠡᠯ ᠳᠦᠷᠪᠡᠨ ᠨᠠᠰᠤᠨ ᠠᠴᠠ ᠳᠡᠭᠡᠭᠰᠢᠬᠢ ᠦᠷ᠎ᠡ ᠶᠢᠨ ᠮᠣᠷᠢ ᠶᠢᠨ | ᠶᠡᠷᠦᠩᠬᠡᠢ ᠨᠡᠷᠡᠶᠢᠳᠦᠯ᠂ ᠠᠭᠲᠠ ᠭᠡᠪᠡᠯ ᠳᠦᠷᠪᠡᠨ ᠨᠠᠰᠤᠨ ᠠᠴᠠ ᠳᠡᠭᠡᠭᠰᠢᠬᠢ ᠠᠭᠲᠠᠯᠠᠭᠰᠠᠨ ᠮᠣᠷᠢᠨ ᠤ ᠶᠡᠷᠦᠩᠬᠡᠢ | ᠨᠡᠷ᠎ᠡ᠂ ᠭᠡᠭᠦᠦ ᠭᠡᠪᠡᠯ ᠲᠠᠪᠤᠨ ᠨᠠᠰᠤᠨ ᠠᠴᠠ ᠳᠡᠭᠡᠭᠰᠢᠬᠢ ᠦᠷᠡᠵᠢᠯ ᠤᠨ ᠮᠣᠷᠢ ᠶᠢ ᠵᠢᠭᠠᠳᠠᠭ᠃ ᠦᠷᠢᠶ᠎ᠡ ᠭᠡᠪᠡᠯ | ᠭᠤᠷᠪᠠ ᠠᠴᠠ ᠳᠦᠷᠪᠡᠨ ᠨᠠᠰᠤᠨ ᠤ ᠠᠭᠲᠠᠯᠠᠭᠠᠳᠤᠢ ᠮᠣᠷᠢ ᠶᠢ ᠵᠢᠭᠠᠵᠤ᠂ ᠪᠠᠶᠢᠳᠠᠰᠤ ᠭᠡᠪᠡᠯ ᠭᠤᠷᠪᠠ ᠠᠴᠠ ᠲᠠᠪᠤᠨ | ᠨᠠᠰᠤᠨ ᠤ ᠡᠮ᠎ᠡ ᠬᠦᠢᠰᠦ ᠲᠠᠢ ᠮᠣᠷᠢ ᠶᠢ ᠬᠡᠯᠡᠳᠡᠭ᠃ ᠮᠣᠩᠭᠤᠯᠴᠤᠳ ᠤᠨ ᠮᠣᠷᠢ ᠲᠠᠢ ᠬᠤᠯᠪᠣᠭᠳᠠᠬᠤ ᠵᠠᠩ ᠦᠢᠯᠡ | ᠪᠤᠶᠤ ᠴᠡᠭᠡᠷ ᠶᠣᠰᠣ ᠣᠯᠠᠨ ᠪᠠᠶᠢᠳᠠᠭ᠃ ᠵᠢᠱᠢᠶᠡᠯᠡᠪᠡᠯ᠂ ᠤᠷᠭᠠᠯᠠᠬᠤ᠂ ᠰᠡᠲᠡᠷᠯᠡᠬᠦ᠂ ᠲᠠᠮᠠᠭᠠᠯᠠᠬᠤ᠂ ᠴᠠᠭᠠᠯᠠᠬᠤ᠂ ᠭᠡᠭᠦᠦ | ᠰᠠᠭᠠᠬᠤ ᠦᠶ᠎ᠡ ᠶᠢᠨ ᠭᠡᠭᠦᠦ ᠶᠢᠨ ᠦᠷᠡᠰ ᠤᠨ ᠨᠠᠶᠢᠷ ᠴᠢᠭᠳᠠ ᠶᠢᠨ ᠨᠠᠶᠢᠷ ︵ᠵᠡᠯ᠎ᠡ ᠶᠢᠨ ᠨᠠᠶᠢᠷ︶ ᠭᠡᠬᠦ ᠮᠡᠲᠦ᠃ ᠶᠠᠮᠠᠷ | ᠨᠢᠭᠡᠨ ᠵᠠᠩ ᠦᠢᠯᠡ ᠶᠠᠪᠤᠭᠳᠠᠬᠤ ᠳᠤ ᠪᠦᠷ ᠵᠣᠬᠢᠬᠤ ᠵᠢᠷᠤᠮ ᠭᠤᠷᠢᠮ ᠲᠠᠢ ᠪᠥᠭᠡᠳ ᠠᠶᠢᠯ ᠠᠶᠢᠮᠠᠭ ᠢᠶᠠᠷ ᠢᠶᠠᠨ | ᠬᠠᠮᠲᠤ ᠳᠤ ᠪᠠᠨ ᠣᠷᠣᠯᠴᠠᠳᠠᠭ᠃ ᠶᠠᠭᠤᠨ ᠤ ᠤᠷᠢᠳ ᠮᠣᠷᠢᠨ ᠤ ᠲᠣᠯᠣᠭᠠᠢ ᠶᠢ ᠲᠠᠰᠢᠭᠤᠷᠳᠠᠬᠤ ᠶᠢ ᠴᠡᠭᠡᠷᠯᠡᠨ᠎ᠡ᠃ | ᠮᠣᠷᠢ ᠶᠢ ︽ᠮᠠᠭᠤ ᠠᠳᠤᠭᠤ︾ ᠭᠡᠵᠦ ᠳᠠᠭᠤᠳᠠᠬᠤ ᠠᠴᠠ ᠴᠡᠭᠡᠷᠯᠡᠨ᠎ᠡ᠃ ᠮᠣᠷᠢ ᠶᠢ ᠪᠤᠷᠤᠭᠤ ᠬᠠᠷᠠᠵᠤ ᠣᠨᠣᠵᠤ ᠪᠣᠯᠬᠤ | ᠦᠭᠡᠢ᠃ ᠮᠣᠷᠢ ᠶᠢ ᠤᠶᠠᠬᠤ ᠳᠤ ᠪᠠᠨ ᠵᠠᠩᠭᠢᠳᠴᠤ ᠤᠶᠠᠬᠤ ᠶᠢ ᠴᠡᠭᠡᠷᠯᠡᠨ᠎ᠡ᠃ ᠪᠠᠰᠠ ᠭᠡᠷ ᠬᠤᠷᠤᠭ᠎ᠠ ᠶᠢᠨ ᠡᠭᠦᠳᠡᠨ | ᠠᠴᠠ ᠤᠶᠠᠬᠤ ᠶᠢ ᠴᠡᠭᠡᠷᠯᠡᠨ᠎ᠡ᠃ ᠮᠣᠷᠢ ᠶᠢ ᠬᠦᠵᠦᠭᠦᠪᠴᠢᠯᠡᠨ ᠬᠥᠲᠥᠯᠬᠦ ᠶᠢ ᠴᠡᠭᠡᠷᠯᠡᠨ᠎ᠡ᠃ ᠮᠣᠷᠢ ᠣᠨᠤᠭ᠎ᠠ ᠶᠢ | ᠴᠠᠳᠬᠤᠯᠠᠩ ᠦᠶ᠎ᠡ ᠳᠤ ᠨᠢ ᠳᠠᠪᠬᠢᠭᠤᠯᠵᠤ ᠭᠦᠶᠦᠯᠭᠡᠬᠦ ᠶᠢ ᠴᠡᠭᠡᠷᠯᠡᠨ᠎ᠡ᠃ ᠮᠣᠷᠢ ᠶᠢ ᠳᠠᠪᠬᠢᠭᠤᠯᠵᠤ ᠢᠷᠡᠭᠡᠳ | ᠭᠡᠨᠡᠳᠲᠡ ᠵᠣᠭᠰᠤᠭᠠᠬᠤ ᠶᠢ ᠴᠡᠭᠡᠷᠯᠡᠨ᠎ᠡ᠃ ᠮᠣᠷᠢᠨ ᠳᠤ ᠮᠣᠷᠳᠠᠬᠤ ᠳᠤ ᠪᠠᠨ ᠰᠢᠷᠦᠭᠦᠨ ᠮᠣᠷᠳᠠᠬᠤ ᠶᠢ ᠴᠡᠭᠡᠷᠯᠡᠨ᠎ᠡ᠃ | ᠮᠣᠷᠢ ᠶᠢ ᠬᠥᠯᠥᠰᠦ ᠲᠠᠢ ᠦᠶ᠎ᠡ ᠳᠤ ᠡᠮᠡᠭᠡᠯ ᠲᠣᠬᠤᠮ ᠠᠪᠬᠤ ᠪᠤᠶᠤ ᠤᠰᠤᠯᠠᠬᠤ ᠶᠢ ᠴᠡᠭᠡᠷᠯᠡᠨ᠎ᠡ᠃ ᠮᠣᠷᠢᠲᠠᠢ | ᠬᠥᠮᠥᠰ ᠴᠤᠪᠤᠵᠤ ᠶᠠᠪᠤᠬᠤ ᠶᠢ ᠴᠡᠭᠡᠷᠯᠡᠨ᠎ᠡ᠃ ᠡᠳᠡᠭᠡᠷ ᠴᠡᠭᠡᠷ ᠶᠣᠰᠣ ᠨᠢ ᠭᠤᠣᠯᠳᠠᠭᠤ ᠮᠣᠷᠢ ᠣᠨᠣᠭᠠᠨ ᠳᠤ ᠠᠷᠬᠠᠭ | ᠭᠡᠮ ᠲᠣᠭᠲᠠᠬᠤ ᠠᠴᠠ ᠨᠢ ᠬᠢᠴᠢᠶᠡᠭᠰᠡᠨ ᠪᠠ ᠮᠣᠩᠭᠤᠯ ᠬᠥᠮᠥᠨ ᠮᠣᠷᠢ ᠶᠢ ︽ᠲᠡᠭᠷᠢ ᠶᠢᠨ ᠤᠨᠠᠭ᠎ᠠ︾ ᠬᠡᠮᠡᠨ ᠰᠢᠳᠤᠨ | ᠬᠠᠶᠢᠷᠠᠯᠠᠳᠠᠭ ᠲᠠᠢ ᠬᠤᠯᠪᠤᠭ᠎ᠠ ᠲᠠᠢ ᠶᠤᠮ᠃ ᠪᠠᠶᠠᠨ ᠨᠠᠭᠤᠷ ᠤᠨ ᠡᠳᠦᠷ ᠤᠨ ᠰᠣᠨᠢᠨ ᠤ ︽ᠳᠡᠯᠭᠡᠷ ᠬᠠᠩᠭᠠᠢ︾ | ᠪᠤᠯᠤᠩ ᠠᠴᠠ ᠪᠠᠭᠤᠯᠭᠠᠪᠠ |