| | ᠮᠠᠨ ᠤ ᠣᠷᠣᠨ ᠨᠡᠶᠢᠲᠡ ᠶᠢᠨ ᠬᠤᠷᠠᠮᠳᠤᠭᠤᠯᠭ᠎ᠠ ᠶᠢᠨ ᠮᠥᠩᠭᠦ ᠶᠢᠨ ᠲᠥᠷᠥ ᠶᠢᠨ ᠪᠣᠳᠣᠯᠭ᠎ᠠ ᠪᠠᠨ | ᠰᠢᠯᠢᠳᠡᠭᠵᠢᠭᠦᠯᠵᠦ᠂ ᠭᠡᠷ ᠪᠠᠶᠢᠰᠢᠩ ᠭᠠᠵᠠᠷ ᠬᠥᠷᠥᠩᠭᠡ ᠶᠢᠨ ᠵᠠᠬ᠎ᠠ ᠳᠡᠯᠭᠡᠭᠦᠷ ᠤᠨ ᠲᠣᠭᠲᠠᠭᠤᠨ ᠪᠥᠭᠡᠳ | ᠡᠷᠡᠭᠦᠯ ᠢᠶᠠᠷ ᠬᠥᠭᠵᠢᠬᠦ ᠳᠤ ᠬᠦᠴᠦᠨ ᠨᠡᠮᠡᠷᠢᠯᠡᠵᠦ ᠪᠤᠢ᠃ ᠣᠷᠣᠨ ᠰᠠᠭᠤᠴᠠ ᠶᠢᠨ ᠨᠡᠶᠢᠲᠡ ᠶᠢᠨ | ᠬᠤᠷᠠᠮᠳᠤᠭᠤᠯᠭ᠎ᠠ ᠶᠢᠨ ᠮᠥᠩᠭᠦ ᠶᠢᠨ ᠬᠠᠮᠤᠭ ᠤᠨ ᠥᠨᠳᠥᠷ ᠵᠢᠭᠡᠯᠡᠯᠭᠡ ᠶᠢᠨ ᠲᠤᠭ᠎ᠠ ᠬᠡᠮᠵᠢᠶ᠎ᠡ ᠶᠢ ᠳᠡᠭᠡᠭᠰᠢᠯᠡᠭᠦᠯᠬᠦ᠂ | ᠬᠤᠪᠢ ᠬᠥᠮᠥᠨ ᠤ ᠣᠷᠣᠨ ᠰᠠᠭᠤᠴᠠ ᠶᠢᠨ ᠨᠡᠶᠢᠲᠡ ᠶᠢᠨ ᠬᠤᠷᠠᠮᠳᠤᠭᠤᠯᠭ᠎ᠠ ᠶᠢᠨ ᠮᠥᠩᠭᠦ ᠶᠢᠨ ᠵᠢᠭᠡᠯᠡᠯᠭᠡ ᠶᠢᠨ | ᠬᠦᠦ ᠶᠢᠨ ᠨᠤᠷᠮ᠎ᠠ ᠶᠢ ᠪᠠᠭᠤᠷᠠᠭᠤᠯᠬᠤ᠂ ᠰᠢᠨ᠎ᠡ ᠪᠠᠷ ᠪᠠᠶᠢᠭᠤᠯᠤᠭᠠᠳ ᠤᠷᠢᠳᠴᠢᠯᠠᠨ ᠬᠤᠳᠠᠯᠳᠤᠬᠤ ᠲᠠᠸᠠᠷ ᠤᠨ | ᠣᠷᠣᠨ ᠰᠠᠭᠤᠴᠠ ᠶᠢ ᠬᠤᠳᠠᠯᠳᠤᠨ ᠠᠪᠬᠤ ᠳᠤ ᠣᠷᠣᠨ ᠰᠠᠭᠤᠴᠠ ᠶᠢᠨ ᠨᠡᠶᠢᠲᠡ ᠶᠢᠨ ᠬᠤᠷᠠᠮᠳᠤᠭᠤᠯᠭ᠎ᠠ ᠶᠢᠨ | ᠮᠥᠩᠭᠦ ᠶᠢ ᠭᠠᠷᠭᠠᠨ ᠠᠪᠴᠤ ᠠᠩᠬ᠎ᠠ ᠲᠤᠰᠢᠶᠠᠬᠤ ᠮᠥᠩᠭᠦ ᠪᠠᠷ ᠥᠭᠬᠦ᠂ ︽ᠬᠤᠳᠠᠯᠳᠤᠭᠠᠨ ᠤ ᠴᠢᠨᠠᠷᠲᠠᠢ | ᠵᠢᠭᠡᠯᠡᠯᠭᠡ ᠪᠠᠨ ᠨᠡᠶᠢᠲᠡ ᠶᠢᠨ ᠬᠤᠷᠠᠮᠳᠤᠭᠤᠯᠭ᠎ᠠ ᠶᠢᠨ ᠮᠥᠩᠭᠦ ᠲᠡᠶᠢᠰᠢ ᠰᠢᠯᠵᠢᠭᠦᠯᠬᠦ︾᠂ ︽ᠨᠡᠶᠢᠲᠡ ᠶᠢᠨ | ᠬᠤᠷᠠᠮᠳᠤᠭᠤᠯᠭ᠎ᠠ ᠶᠢᠨ ᠮᠥᠩᠭᠦ + ᠬᠤᠳᠠᠯᠳᠤᠭᠠᠨ ᠤ ᠴᠢᠨᠠᠷᠲᠠᠢ ᠵᠢᠭᠡᠯᠡᠯᠭᠡ︾ ᠮᠡᠲᠦ ᠶᠢᠨ ᠨᠡᠶᠢᠯᠡᠯ ᠵᠢᠭᠡᠯᠡᠯᠭᠡ ᠵᠡᠷᠭᠡ | ᠲᠥᠷᠥ ᠶᠢᠨ ᠪᠣᠳᠣᠯᠭ᠎ᠠ ᠶᠢ ᠤᠷᠢᠳ ᠬᠤᠵᠢᠳ ᠨᠡᠶᠢᠲᠡᠯᠡᠵᠦ᠂ ᠵᠠᠶᠢᠯᠠᠰᠢ ᠦᠭᠡᠢ ᠪᠠ ᠰᠠᠶᠢᠵᠢᠷᠠᠭᠤᠯᠬᠤ ᠴᠢᠨᠠᠷᠲᠠᠢ | ᠣᠷᠣᠨ ᠰᠠᠭᠤᠴᠠ ᠶᠢᠨ ᠬᠡᠷᠡᠭᠴᠡᠭᠡ ᠱᠠᠭᠠᠷᠳᠠᠯᠭ᠎ᠠ ᠶᠢ ᠤᠯᠠᠮ ᠨᠢᠭᠡ ᠠᠯᠬᠤᠮ ᠬᠠᠩᠭᠠᠪᠠ᠃ ᠣᠷᠣᠨ ᠰᠠᠭᠤᠴᠠ ᠶᠢᠨ | ᠨᠡᠶᠢᠲᠡ ᠶᠢᠨ ᠬᠤᠷᠠᠮᠳᠤᠭᠤᠯᠭ᠎ᠠ ᠶᠢᠨ ᠮᠥᠩᠭᠦ ᠶᠢᠨ ᠵᠢᠭᠡᠯᠡᠯᠭᠡ ᠠᠴᠠ ᠡᠮᠦᠨᠡᠬᠢ᠂ ᠵᠢᠭᠡᠯᠡᠯᠭᠡ ᠶᠢᠨ ᠳᠤᠮᠳᠠᠬᠢ᠂ | ᠵᠢᠭᠡᠯᠡᠯᠭᠡ ᠶᠢᠨ ᠳᠠᠷᠠᠭᠠᠬᠢ ᠬᠠᠮᠢᠶᠠᠷᠤᠯᠲᠠ ᠶᠢ ᠵᠢᠷᠤᠮᠵᠢᠭᠤᠯᠵᠤ᠂ ᠪᠦᠬᠦ ᠣᠷᠣᠨ ᠤ ᠣᠷᠣᠨ ᠰᠠᠭᠤᠴᠠ ᠶᠢᠨ | ᠨᠡᠶᠢᠲᠡ ᠶᠢᠨ ᠬᠤᠷᠠᠮᠳᠤᠭᠤᠯᠭ᠎ᠠ ᠶᠢᠨ ᠮᠥᠩᠭᠦ ᠶᠢᠨ ᠲᠠᠪᠴᠠᠩ ᠢ ᠨᠢᠭᠡᠳᠦᠯᠲᠡᠢ ᠪᠠᠶᠢᠭᠤᠯᠬᠤ ᠪᠠᠷ ᠰᠦᠪᠡᠭᠴᠢᠯᠡᠵᠦ᠂ | ᠠᠰᠠᠭᠤᠳᠠᠯ ᠢ ᠢᠯᠡᠷᠡᠭᠦᠯᠬᠦ - ᠴᠡᠭᠴᠡᠯᠡᠨ ᠰᠠᠶᠢᠵᠢᠷᠠᠭᠤᠯᠬᠤ - ᠬᠠᠰᠤᠵᠤ ᠠᠷᠢᠯᠭᠠᠬᠤ ᠪᠢᠲᠡᠭᠦᠦ ᠴᠠᠭᠠᠷᠢᠭ ᠤᠨ | ᠬᠠᠮᠢᠶᠠᠷᠤᠯᠲᠠ ᠶᠢ ᠪᠡᠶᠡᠯᠡᠭᠦᠯᠦᠨ᠎ᠡ᠃ 9 ᠳ᠋ᠦ᠋ᠭᠡᠷ ᠰᠠᠷ᠎ᠠ ᠶᠢᠨ ᠰᠡᠭᠦᠯᠴᠢ ᠪᠣᠯᠲᠠᠯ᠎ᠠ᠂ ᠪᠥᠬᠦ ᠣᠷᠣᠨ ᠤ ᠣᠷᠣᠨ | ᠰᠠᠭᠤᠴᠠ ᠶᠢᠨ ᠨᠡᠶᠢᠲᠡ ᠶᠢᠨ ᠬᠤᠷᠠᠮᠳᠤᠭᠤᠯᠭ᠎ᠠ ᠶᠢᠨ ᠮᠥᠩᠭᠦ ᠶᠢᠨ ᠲᠤᠰᠢᠶᠠᠨ ᠬᠠᠳᠠᠭᠠᠯᠠᠭᠤᠯᠤᠭᠰᠠᠨ ᠶᠡᠷᠦᠩᠬᠡᠢ | ᠲᠤᠭ᠎ᠠ 5626.11 ᠳ᠋ᠦᠩᠰᠢᠭᠤᠷ ᠲᠥᠭᠦᠷᠢᠭ᠂ ᠲᠤᠰᠢᠶᠠᠨ ᠬᠠᠳᠠᠭᠠᠯᠠᠭᠤᠯᠤᠭᠰᠠᠨ ᠦᠯᠡᠳᠡᠪᠦᠷᠢ ᠲᠤᠭ᠎ᠠ 2190. | 02 ᠳ᠋ᠦᠩᠰᠢᠭᠤᠷ ᠲᠥᠭᠦᠷᠢᠭ᠂ ᠭᠠᠷᠭᠠᠨ ᠠᠪᠤᠭᠰᠠᠨ ᠶᠡᠷᠦᠩᠬᠡᠢ ᠲᠤᠭ᠎ᠠ 3436.09 ᠳ᠋ᠦᠩᠰᠢᠭᠤᠷ ᠲᠥᠭᠦᠷᠢᠭ᠂ | ᠵᠢᠭᠡᠯᠡᠯᠭᠡ ᠶᠢᠨ ᠶᠡᠷᠦᠩᠬᠡᠢ ᠲᠤᠭ᠎ᠠ 3345.88 ᠳ᠋ᠦᠩᠰᠢᠭᠤᠷ ᠲᠥᠭᠦᠷᠢᠭ᠂ ᠵᠢᠭᠡᠯᠡᠯᠭᠡ ᠶᠢᠨ ᠦᠯᠡᠳᠡᠪᠦᠷᠢ ᠲᠤᠭ᠎ᠠ | 1341.85 ᠳ᠋ᠦᠩᠰᠢᠭᠤᠷ ᠲᠥᠭᠦᠷᠢᠭ᠂ ᠬᠤᠪᠢ ᠬᠥᠮᠥᠨ ᠤ ᠵᠢᠭᠡᠯᠡᠯᠭᠡ ᠶᠢᠨ ᠨᠣᠷᠮ᠎ᠠ 61.27% ᠪᠠᠶᠢᠪᠠ᠃ | ︵ᠣᠷᠣᠨ ᠰᠠᠭᠤᠴᠠ ᠪᠠ ᠬᠤᠲᠠ ᠬᠥᠳᠡᠭᠡ ᠶᠢᠨ ᠪᠦᠲᠦᠭᠡᠨ ᠪᠠᠶᠢᠭᠤᠯᠤᠯᠲᠠ ᠶᠢᠨ ᠲᠢᠩᠬᠢᠮ︶ |