| | | | ᠮᠣᠷᠢᠲᠠᠨ ᠦᠨᠳᠦᠰᠦᠲᠡᠨ ᠮᠣᠩᠭᠤᠯᠴᠤᠳ ᠲᠤ ᠥᠨᠢᠷ ᠪᠠᠶᠠᠯᠢᠭ ᠠᠳᠤᠭᠤᠨ ᠰᠣᠶᠣᠯ ᠲᠠᠢ ᠪᠠᠶᠢᠳᠠᠭ᠃ ᠲᠡᠷᠡ | ᠨᠢ ᠨᠡᠷᠡᠶᠢᠳᠦᠯ᠂ ᠥᠩᠭᠡ ᠵᠢᠰᠦᠮ᠂ ᠨᠠᠰᠤ ᠰᠢᠲᠦ᠂ ᠠᠯᠬᠤᠳᠠᠯ ᠭᠢᠰᠬᠢᠳᠡᠯ ᠠᠴᠠ ᠠᠪᠤᠭᠠᠳ ᠡᠳᠦᠷ ᠲᠤᠳᠤᠮ ᠤᠨ | ᠡᠳ᠋ᠯᠡᠵᠦ ᠬᠡᠷᠡᠭᠯᠡᠬᠦ᠂ ᠠᠷᠠᠴᠢᠯᠠᠵᠤ ᠳᠣᠳᠣᠮᠳᠠᠬᠤ ᠵᠢᠴᠢ ᠣᠨᠴᠠᠭᠠᠢ ᠴᠠᠭ ᠦᠶ᠎ᠡ ᠶᠢᠨ ᠵᠠᠩ ᠦᠢᠯᠡ᠂ ᠴᠡᠭᠡᠷ ᠶᠣᠰᠣ | ᠵᠡᠷᠭᠡ ᠪᠠᠶᠠᠯᠢᠭ ᠠᠭᠤᠯᠬᠤᠨ ᠲᠠᠢ ᠪᠠᠶᠢᠳᠠᠭ᠃ ᠠᠳᠤᠭᠤ ᠶᠢ ᠥᠩᠭᠡ ᠵᠢᠰᠦᠮ ᠢᠶᠠᠷ ᠨᠢ ᠢᠯᠭᠠᠨ ᠨᠡᠷᠡᠯᠡᠬᠦ ᠳᠤ | ᠭᠤᠣᠯᠳᠠᠭᠤ ᠦᠰᠦ ᠰᠣᠷ ᠤᠨ ᠬᠢᠨᠢ ᠥᠩᠭᠡ ᠶᠢ ᠦᠨᠳᠦᠰᠦᠯᠡᠳᠡᠭ᠃ ᠠᠳᠤᠭᠤᠨ ᠤ ᠥᠩᠭᠡ ᠵᠢᠰᠦᠮ ᠵᠠᠭᠤ | ᠮᠢᠩᠭ᠎ᠠ ᠪᠠᠷ ᠲᠣᠭᠠᠯᠠᠭᠳᠠᠬᠤ ᠪᠣᠯᠪᠠᠴᠤ ᠦᠰᠦ ᠰᠣᠷ ᠤᠨ ᠬᠢᠨᠢ ᠦᠨᠳᠦᠰᠦᠨ ᠥᠩᠭᠡ ᠶᠢ ᠦᠨᠳᠦᠰᠦᠯᠡᠭᠡᠳ ᠳᠠᠩ | ᠵᠢᠰᠦᠮ ᠪᠠ ᠳᠠᠪᠬᠤᠷ ᠵᠢᠰᠦᠮ ᠭᠡᠵᠦ ᠬᠤᠶᠠᠷ ᠬᠤᠪᠢᠶᠠᠨ᠎ᠠ᠃ ᠲᠠᠩ ᠵᠢᠰᠦᠮ ᠳᠤ ᠬᠠᠷ᠎ᠠ᠂ ᠬᠡᠭᠡᠷ᠂ ᠬᠦᠷᠡᠩ᠂ ᠬᠤᠸᠠ᠂ | ᠵᠡᠭᠡᠷᠳᠡ᠂ ᠰᠠᠭᠠᠷᠠᠯ᠂ ᠰᠢᠷᠭ᠎ᠠ ᠵᠡᠷᠭᠡ ᠪᠣᠢ᠃ ᠳᠠᠪᠬᠤᠷ ᠵᠢᠰᠦᠮ ᠭᠡᠪᠡᠯ ᠠᠳᠤᠭᠤᠨ ᠤ ᠦᠰᠦ ᠰᠣᠷ ᠨᠢ ᠬᠤᠶᠠᠷ ᠪᠤᠶᠤ | ᠬᠤᠶᠠᠷ ᠠᠴᠠ ᠳᠡᠭᠡᠭᠰᠢ ᠥᠩᠭᠡ ᠨᠡᠶᠢᠯᠡᠯᠳᠦᠭᠰᠡᠨ ᠢ ᠬᠡᠯᠡᠨ᠎ᠡ᠂ ᠳᠠᠪᠬᠤᠷ ᠵᠢᠰᠦᠮ ᠳᠤ ᠬᠠᠯᠢᠭᠤᠨ᠂ ᠪᠣᠷᠣ᠂ ᠪᠤᠭᠤᠷᠤᠯ᠂ | ᠠᠯᠠᠭ ᠴᠣᠬᠤᠷ᠂ ᠬᠠᠯᠲᠠᠷ ᠵᠡᠷᠭᠡ ᠪᠠᠶᠢᠳᠠᠭ᠃ ᠳᠠᠪᠬᠤᠷ ᠵᠢᠰᠦᠮ ᠨᠢ ᠬᠤᠶᠠᠷ ᠠᠴᠠ ᠳᠡᠭᠡᠭᠰᠢ ᠥᠩᠭᠡ ᠨᠡᠶᠢᠯᠡᠯᠳᠦᠭᠰᠡᠨ | ᠪᠣᠯᠬᠤᠷ ᠭᠤᠣᠯ ᠪᠣᠯᠬᠤ ᠦᠰᠦ᠂ ᠰᠣᠷ ᠤᠨ ᠬᠢᠨᠢ ᠥᠩᠭᠡ ᠶᠢ ᠬᠤᠯᠢᠯᠳᠤᠭᠰᠠᠨ ᠥᠩᠭᠡ ᠪᠠᠷ ᠨᠢ ᠲᠣᠳᠣᠳᠬᠠᠨ | ᠨᠡᠷᠡᠯᠡᠬᠦ ᠲᠤᠯᠠ ᠳᠠᠪᠬᠤᠷ ᠵᠢᠰᠦᠮ ᠤᠨ ᠨᠡᠷᠡᠶᠢᠳᠦᠯ ᠲᠤᠩ ᠣᠯᠠᠨ ᠪᠣᠯᠬᠤ ᠪᠥᠭᠡᠳ ᠨᠠᠷᠢᠨ ᠢᠯᠭᠠᠭ᠎ᠠ ᠲᠠᠢ ᠪᠠᠶᠢᠳᠠᠭ᠃ | | | | | ᠵᠢᠱᠢᠶᠡᠯᠡᠪᠡᠯ᠄ ᠬᠡᠭᠡᠷ ᠵᠢᠰᠦᠮ ᠤᠨ ᠮᠣᠷᠢ ᠶᠢ ᠲᠡᠭᠦᠨ ᠤ ᠬᠤᠯᠢᠯᠳᠤᠭᠰᠠᠨ ᠦᠰᠦ ᠰᠣᠷ ᠢᠶᠠᠷ ᠨᠢ | ᠲᠣᠳᠣᠳᠬᠠᠬᠤ ᠳᠤ ᠬᠠᠷ᠎ᠠ ᠬᠡᠭᠡᠷ᠂ ᠬᠠᠯᠲᠠᠷ ᠬᠡᠭᠡᠷ᠂ ᠤᠯᠠᠭᠠᠨ ᠬᠡᠭᠡᠷ᠂ ᠭᠡᠬᠦ ᠁ ᠰᠠᠭᠠᠷᠠᠯ ᠮᠣᠷᠢ ᠶᠢ ᠴᠠᠭ᠎ᠠ | ᠰᠠᠭᠠᠷᠠᠯ᠂ ᠴᠢᠯᠪᠠᠩ ᠰᠠᠭᠠᠷᠠᠯ᠂ ᠤᠯᠠᠭᠠᠨ ᠰᠠᠭᠠᠷᠠᠯ᠂ ᠬᠥᠬᠡ ᠰᠠᠭᠠᠷᠠᠯ᠂ ᠬᠠᠯᠢᠭᠤᠨ ᠰᠠᠭᠠᠷᠠᠯ ᠭᠡᠬᠦ ᠮᠡᠲᠦᠴᠢᠯᠡᠨ ᠨᠠᠷᠢᠨ | ᠢᠯᠭᠠᠵᠤ ᠪᠣᠯᠣᠨ᠎ᠠ᠃ ᠮᠣᠷᠢᠨ ᠳᠤ ᠪᠠᠭ᠋ᠠᠲᠠᠢ ᠮᠣᠩᠭᠤᠯᠴᠤᠳ ᠰᠠᠶᠢᠨ ᠮᠠᠭᠤ ᠮᠣᠷᠢ ᠶᠢ ᠠᠯᠬᠤᠳᠠᠯ ᠭᠢᠰᠬᠢᠳᠡᠯ ᠢᠶᠠᠷ ᠨᠢ | ᠰᠢᠨᠵᠢᠨ ᠮᠡᠳᠡᠳᠡᠭ᠃ ᠮᠣᠷᠢᠨ ᠤ ᠶᠠᠪᠤᠳᠠᠯ ᠢ ᠶᠡᠷᠦᠩᠬᠡᠢ ᠳᠤ ᠪᠠᠨ ᠤᠷᠠᠨ ᠶᠠᠪᠤᠳᠠᠯ᠂ ᠡᠩ ᠤᠨ ᠶᠠᠪᠤᠳᠠᠯ ᠭᠡᠵᠦ ᠬᠤᠶᠠᠷ | ᠬᠤᠪᠢᠶᠠᠳᠠᠭ᠃ ᠡᠭᠦᠨ ᠳᠤ ᠤᠷᠠᠨ ᠶᠠᠪᠤᠳᠠᠯ ᠳᠤ ᠵᠢᠷᠤᠭ᠎ᠠ᠂ ᠰᠠᠶᠢᠪᠤᠷ᠂ ᠬᠤᠸᠠᠷ ᠬᠠᠲᠠᠷᠢᠶ᠎ᠠ ᠪᠠᠭᠲᠠᠵᠤ᠂ ᠡᠩ ᠤᠨ | ᠶᠠᠪᠤᠳᠠᠯ ᠳᠤ ᠱᠣᠭᠰᠢᠶ᠎ᠠ᠂ ᠬᠠᠲᠠᠷᠢᠶ᠎ᠠ᠂ ᠳᠠᠪᠬᠢᠶ᠎ᠠ᠂ ᠠᠯᠬᠤᠭ᠎ᠠ᠂ ᠰᠡᠭᠡᠯᠭᠡ ᠵᠡᠷᠭᠡ ᠪᠣᠢ᠃ ᠵᠢᠷᠤᠭ᠎ᠠ ᠪᠣᠯ ᠮᠣᠷᠢᠨ ᠤ | ᠬᠠᠮᠤᠭ ᠤᠨ ᠰᠠᠶᠢᠨ ᠶᠠᠪᠤᠳᠠᠯ ᠪᠣᠯᠣᠨ᠎ᠠ᠃ ᠡᠶᠢᠨᠬᠦ ᠵᠢᠷᠤᠭ᠎ᠠ ᠮᠣᠷᠢᠨ ᠤ ᠲᠤᠰᠬᠠᠢ ᠤᠷᠤᠯᠳᠤᠭᠠᠨ ᠪᠠᠷᠤᠭ ᠤᠷᠤᠯᠳᠤᠭᠠᠨ | ᠪᠦᠷᠢ ᠳᠤ ᠪᠠᠶᠢᠳᠠᠭ ᠶᠤᠮ᠃ ᠵᠢᠷᠤᠭ᠎ᠠ ᠮᠣᠷᠢᠨ ᠤ ᠥᠷᠥᠭᠡᠯ ᠬᠤᠶᠠᠷ ᠬᠥᠯ ᠨᠢ ᠵᠡᠷᠭᠡ ᠪᠠᠷ ᠲᠤᠰᠬᠤ ᠲᠤᠯᠠ ᠨᠢᠭᠡ | ᠠᠯᠬᠤᠮ ᠳᠤ ᠬᠤᠶᠠᠷ ᠲᠤᠭᠤᠷᠠᠢ ᠶᠢᠨ ᠳᠠᠭᠤᠨ ᠭᠠᠷᠬᠤ ᠪᠥᠭᠡᠳ ᠠᠯᠬᠤᠮ ᠪᠦᠷᠢ ᠶᠢᠨ ᠵᠠᠢ ᠪᠣᠯᠣᠨ ᠲᠤᠰᠤᠯᠲᠠ ᠨᠢ | ᠵᠢᠭᠳᠡ ᠰᠣᠨᠣᠰᠳᠠᠵᠤ᠂ ᠮᠣᠷᠢᠨ ᠤ ᠨᠢᠷᠤᠭᠤ ᠵᠡᠭᠦᠨᠰᠢ ᠪᠠᠷᠠᠭᠤᠨᠰᠢ ᠪᠠᠭ᠎ᠠ ᠬᠥᠳᠡᠯᠬᠦ ᠠᠴᠠ ᠪᠢᠰᠢ᠂ ᠳᠡᠭᠡᠭᠰᠢ ᠳᠣᠭᠤᠭᠰᠢ | ᠳᠡᠮᠡᠢ ᠬᠥᠳᠡᠯᠬᠦ ᠦᠭᠡᠢ ᠪᠠᠶᠢᠳᠠᠭ᠃ ᠵᠢᠷᠤᠭ᠎ᠠ ᠶᠠᠪᠤᠳᠠᠯ ᠨᠢ ᠮᠣᠷᠢᠨ ᠳᠦᠷᠪᠡᠨ ᠮᠥᠴᠢ ᠪᠣᠯᠣᠨ ᠲᠤᠭᠤᠷᠠᠢ ᠰᠢᠭᠢᠷ᠎ᠡ ᠶᠢ | ᠴᠢᠭᠢᠷᠠᠭᠵᠢᠭᠤᠯᠳᠠᠭ᠃ ᠠᠳᠤᠭᠤ ᠶᠢ ᠨᠠᠰᠤ ᠰᠢᠲᠤ ᠪᠠᠷ ᠨᠢ ᠢᠯᠭᠠᠵᠤ ᠨᠡᠷᠡᠯᠡᠵᠤ ᠪᠣᠯᠳᠠᠭ᠃ ᠨᠢᠭᠡ ᠨᠠᠰᠤᠨ ᠤ ᠬᠢ ᠶᠢ | ᠤᠨᠠᠭ᠎ᠠ᠂ ᠬᠤᠶᠠᠷ ᠨᠠᠰᠤᠨ ᠤ ᠬᠢ ᠶᠢ ᠳᠠᠭ᠎ᠠ᠂ ᠭᠤᠷᠪᠠᠨ ᠨᠠᠰᠤᠨ ᠳᠤ ᠪᠠᠨ ᠡᠭᠦᠳᠡᠨ ᠰᠢᠳᠦ ᠨᠢ ᠬᠤᠶᠠᠷ | ᠬᠠᠯᠪᠠᠭ᠎ᠠ ᠲᠠᠢ ᠪᠣᠯᠪᠠᠯ ᠰᠢᠳᠦᠯᠡᠩ ᠭᠡᠵᠦ᠂ ᠳᠦᠷᠪᠡᠨ ᠨᠠᠰᠤᠨ ᠳᠤ ᠪᠠᠨ ᠳᠦᠷᠪᠡᠨ ᠬᠠᠯᠪᠠᠭ᠎ᠠ ᠲᠠᠢ ᠪᠣᠯᠪᠠᠯ | ᠬᠢᠵᠠᠭᠠᠯᠠᠩ ᠭᠡᠵᠦ᠂ ᠲᠠᠪᠤᠨ ᠨᠠᠰᠤᠨ ᠳᠤ ᠪᠠᠨ ᠵᠢᠷᠭᠤᠭᠠᠨ ᠬᠠᠯᠪᠠᠭ᠎ᠠ ᠲᠠᠢ ᠪᠣᠯᠪᠠᠯ ᠰᠣᠶᠣᠭᠠᠯᠠᠩ ᠭᠡᠵᠦ᠂ ᠵᠢᠷᠭᠤᠭᠠᠨ | ᠨᠠᠰᠤᠨ ᠠᠴᠠ ᠳᠡᠭᠡᠭᠰᠢᠬᠢ ᠶᠢ ᠶᠡᠷᠦᠩᠬᠡᠢ ᠳᠤ ᠨᠢ ᠪᠦᠳᠦᠭᠦᠨ ᠮᠣᠷᠢ ᠭᠡᠳᠡᠭ᠃ ᠬᠦᠢᠰᠦ ᠢᠯᠭᠠᠯ ᠢᠶᠠᠷ ᠨᠢ᠂ ᠠᠵᠢᠷᠭ᠎ᠠ᠂ | ᠠᠭᠲᠠ᠂ ᠭᠡᠭᠦᠦ ᠭᠡᠵᠦ ᠨᠡᠷᠡᠯᠡᠭᠡᠳ᠂ ᠳᠣᠲᠣᠷ᠎ᠠ ᠨᠢ ᠪᠠᠰᠠ ᠨᠠᠷᠢᠨ ᠢᠯᠭᠠᠳᠠᠭ᠃ ᠠᠵᠢᠷᠭ᠎ᠠ ᠭᠡᠪᠡᠯ ᠳᠦᠷᠪᠡᠨ ᠨᠠᠰᠤᠨ | ᠠᠴᠠ ᠳᠡᠭᠡᠭᠰᠢᠬᠢ ᠦᠷ᠎ᠡ ᠶᠢᠨ ᠮᠣᠷᠢ ᠶᠢᠨ ᠶᠡᠷᠦᠩᠬᠡᠢ ᠨᠡᠷᠡᠶᠢᠳᠦᠯ᠂ ᠠᠭᠲᠠ ᠭᠡᠪᠡᠯ ᠳᠦᠷᠪᠡᠨ ᠨᠠᠰᠤᠨ ᠠᠴᠠ | ᠳᠡᠭᠡᠭᠰᠢᠬᠢ ᠠᠭᠲᠠᠯᠠᠭᠰᠠᠨ ᠮᠣᠷᠢᠨ ᠤ ᠶᠡᠷᠦᠩᠬᠡᠢ ᠨᠡᠷ᠎ᠡ᠂ ᠭᠡᠭᠦᠦ ᠭᠡᠪᠡᠯ ᠲᠠᠪᠤᠨ ᠨᠠᠰᠤᠨ ᠠᠴᠠ ᠳᠡᠭᠡᠭᠰᠢᠬᠢ | ᠦᠷᠡᠵᠢᠯ ᠤᠨ ᠮᠣᠷᠢ ᠶᠢ ᠵᠢᠭᠠᠳᠠᠭ᠃ ᠦᠷᠢᠶ᠎ᠡ ᠭᠡᠪᠡᠯ ᠭᠤᠷᠪᠠ ᠠᠴᠠ ᠳᠦᠷᠪᠡᠨ ᠨᠠᠰᠤᠨ ᠤ ᠠᠭᠲᠠᠯᠠᠭᠠᠳᠤᠢ ᠮᠣᠷᠢ ᠶᠢ | ᠵᠢᠭᠠᠵᠤ᠂ ᠪᠠᠶᠢᠳᠠᠰᠤ ᠭᠡᠪᠡᠯ ᠭᠤᠷᠪᠠ ᠠᠴᠠ ᠲᠠᠪᠤᠨ ᠨᠠᠰᠤᠨ ᠤ ᠡᠮ᠎ᠡ ᠬᠦᠢᠰᠦ ᠲᠠᠢ ᠮᠣᠷᠢ ᠶᠢ ᠬᠡᠯᠡᠳᠡᠭ᠃ | ᠮᠣᠩᠭᠤᠯᠴᠤᠳ ᠤᠨ ᠮᠣᠷᠢ ᠲᠠᠢ ᠬᠤᠯᠪᠣᠭᠳᠠᠬᠤ ᠵᠠᠩ ᠦᠢᠯᠡ ᠪᠤᠶᠤ ᠴᠡᠭᠡᠷ ᠶᠣᠰᠣ ᠣᠯᠠᠨ ᠪᠠᠶᠢᠳᠠᠭ᠃ ᠵᠢᠱᠢᠶᠡᠯᠡᠪᠡᠯ᠂ | ᠤᠷᠭᠠᠯᠠᠬᠤ᠂ ᠰᠡᠲᠡᠷᠯᠡᠬᠦ᠂ ᠲᠠᠮᠠᠭᠠᠯᠠᠬᠤ᠂ ᠴᠠᠭᠠᠯᠠᠬᠤ᠂ ᠭᠡᠭᠦᠦ ᠰᠠᠭᠠᠬᠤ ᠦᠶ᠎ᠡ ᠶᠢᠨ ᠭᠡᠭᠦᠦ ᠶᠢᠨ ᠦᠷᠡᠰ ᠤᠨ ᠨᠠᠶᠢᠷ | ᠴᠢᠭᠳᠠ ᠶᠢᠨ ᠨᠠᠶᠢᠷ ︵ᠵᠡᠯ᠎ᠡ ᠶᠢᠨ ᠨᠠᠶᠢᠷ︶ ᠭᠡᠬᠦ ᠮᠡᠲᠦ᠃ ᠶᠠᠮᠠᠷ ᠨᠢᠭᠡᠨ ᠵᠠᠩ ᠦᠢᠯᠡ ᠶᠠᠪᠤᠭᠳᠠᠬᠤ ᠳᠤ ᠪᠦᠷ ᠵᠣᠬᠢᠬᠤ | ᠵᠢᠷᠤᠮ ᠭᠤᠷᠢᠮ ᠲᠠᠢ ᠪᠥᠭᠡᠳ ᠠᠶᠢᠯ ᠠᠶᠢᠮᠠᠭ ᠢᠶᠠᠷ ᠢᠶᠠᠨ ᠬᠠᠮᠲᠤ ᠳᠤ ᠪᠠᠨ ᠣᠷᠣᠯᠴᠠᠳᠠᠭ᠃ ᠶᠠᠭᠤᠨ ᠤ ᠤᠷᠢᠳ | ᠮᠣᠷᠢᠨ ᠤ ᠲᠣᠯᠣᠭᠠᠢ ᠶᠢ ᠲᠠᠰᠢᠭᠤᠷᠳᠠᠬᠤ ᠶᠢ ᠴᠡᠭᠡᠷᠯᠡᠨ᠎ᠡ᠃ ᠮᠣᠷᠢ ᠶᠢ ︽ᠮᠠᠭᠤ ᠠᠳᠤᠭᠤ︾ ᠭᠡᠵᠦ ᠳᠠᠭᠤᠳᠠᠬᠤ ᠠᠴᠠ | ᠴᠡᠭᠡᠷᠯᠡᠨ᠎ᠡ᠃ ᠮᠣᠷᠢ ᠶᠢ ᠪᠤᠷᠤᠭᠤ ᠬᠠᠷᠠᠵᠤ ᠣᠨᠣᠵᠤ ᠪᠣᠯᠬᠤ ᠦᠭᠡᠢ᠃ ᠮᠣᠷᠢ ᠶᠢ ᠤᠶᠠᠬᠤ ᠳᠤ ᠪᠠᠨ ᠵᠠᠩᠭᠢᠳᠴᠤ | ᠤᠶᠠᠬᠤ ᠶᠢ ᠴᠡᠭᠡᠷᠯᠡᠨ᠎ᠡ᠃ ᠪᠠᠰᠠ ᠭᠡᠷ ᠬᠤᠷᠤᠭ᠎ᠠ ᠶᠢᠨ ᠡᠭᠦᠳᠡᠨ ᠠᠴᠠ ᠤᠶᠠᠬᠤ ᠶᠢ ᠴᠡᠭᠡᠷᠯᠡᠨ᠎ᠡ᠃ ᠮᠣᠷᠢ ᠶᠢ | ᠬᠦᠵᠦᠭᠦᠪᠴᠢᠯᠡᠨ ᠬᠥᠲᠥᠯᠬᠦ ᠶᠢ ᠴᠡᠭᠡᠷᠯᠡᠨ᠎ᠡ᠃ ᠮᠣᠷᠢ ᠣᠨᠤᠭ᠎ᠠ ᠶᠢ ᠴᠠᠳᠬᠤᠯᠠᠩ ᠦᠶ᠎ᠡ ᠳᠤ ᠨᠢ ᠳᠠᠪᠬᠢᠭᠤᠯᠵᠤ | ᠭᠦᠶᠦᠯᠭᠡᠬᠦ ᠶᠢ ᠴᠡᠭᠡᠷᠯᠡᠨ᠎ᠡ᠃ ᠮᠣᠷᠢ ᠶᠢ ᠳᠠᠪᠬᠢᠭᠤᠯᠵᠤ ᠢᠷᠡᠭᠡᠳ ᠭᠡᠨᠡᠳᠲᠡ ᠵᠣᠭᠰᠤᠭᠠᠬᠤ ᠶᠢ ᠴᠡᠭᠡᠷᠯᠡᠨ᠎ᠡ᠃ | ᠮᠣᠷᠢᠨ ᠳᠤ ᠮᠣᠷᠳᠠᠬᠤ ᠳᠤ ᠪᠠᠨ ᠰᠢᠷᠦᠭᠦᠨ ᠮᠣᠷᠳᠠᠬᠤ ᠶᠢ ᠴᠡᠭᠡᠷᠯᠡᠨ᠎ᠡ᠃ ᠮᠣᠷᠢ ᠶᠢ ᠬᠥᠯᠥᠰᠦ ᠲᠠᠢ ᠦᠶ᠎ᠡ ᠳᠤ ᠡᠮᠡᠭᠡᠯ | ᠲᠣᠬᠤᠮ ᠠᠪᠬᠤ ᠪᠤᠶᠤ ᠤᠰᠤᠯᠠᠬᠤ ᠶᠢ ᠴᠡᠭᠡᠷᠯᠡᠨ᠎ᠡ᠃ ᠮᠣᠷᠢᠲᠠᠢ ᠬᠥᠮᠥᠰ ᠴᠤᠪᠤᠵᠤ ᠶᠠᠪᠤᠬᠤ ᠶᠢ ᠴᠡᠭᠡᠷᠯᠡᠨ᠎ᠡ᠃ | ᠡᠳᠡᠭᠡᠷ ᠴᠡᠭᠡᠷ ᠶᠣᠰᠣ ᠨᠢ ᠭᠤᠣᠯᠳᠠᠭᠤ ᠮᠣᠷᠢ ᠣᠨᠣᠭᠠᠨ ᠳᠤ ᠠᠷᠬᠠᠭ ᠭᠡᠮ ᠲᠣᠭᠲᠠᠬᠤ ᠠᠴᠠ ᠨᠢ ᠬᠢᠴᠢᠶᠡᠭᠰᠡᠨ ᠪᠠ | ᠮᠣᠩᠭᠤᠯ ᠬᠥᠮᠥᠨ ᠮᠣᠷᠢ ᠶᠢ ︽ᠲᠡᠭᠷᠢ ᠶᠢᠨ ᠤᠨᠠᠭ᠎ᠠ︾ ᠬᠡᠮᠡᠨ ᠰᠢᠳᠤᠨ ᠬᠠᠶᠢᠷᠠᠯᠠᠳᠠᠭ ᠲᠠᠢ ᠬᠤᠯᠪᠤᠭ᠎ᠠ ᠲᠠᠢ ᠶᠤᠮ᠃ | ᠪᠠᠶᠠᠨ ᠨᠠᠭᠤᠷ ᠤᠨ ᠡᠳᠦᠷ ᠤᠨ ᠰᠣᠨᠢᠨ ᠤ ︽ᠳᠡᠯᠭᠡᠷ ᠬᠠᠩᠭᠠᠢ︾ ᠪᠤᠯᠤᠩ ᠠᠴᠠ ᠪᠠᠭᠤᠯᠭᠠᠪᠠ |