ᠤᠷᠲᠦ ᠨᠠᠰᠤᠯᠠᠬᠤ ᠶᠢᠨ ᠨᠢᠭᠤᠴᠠ
ᠨᠡᠶᠢᠲᠡᠯᠡᠭᠰᠡᠨ ᠴᠠᠭ᠄
2024/10/12
      ᠬᠠᠭᠤᠴᠢ ᠦᠭᠡᠨ ᠳᠤ ︽ᠳᠠᠯᠠ ᠭᠦᠷᠦᠭᠰᠡᠳ ᠡᠷᠲᠡᠨ ᠠᠴᠠ ᠴᠥᠭᠡᠨ︾ ᠭᠡᠵᠦ ᠬᠡᠯᠡᠳᠡᠭ ᠰᠠᠨ᠃ ᠤᠯᠠᠨᠬᠭᠢ ᠬᠥᠮᠥᠰ ᠳᠠᠯᠠ ᠭᠦᠷᠦᠮᠡᠭᠴᠡ ᠰᠠᠬᠠᠯ ᠰᠠᠨᠴᠢᠭ ᠨᠢ ᠴᠠᠶᠢᠵᠤ᠂ ᠨᠢᠳᠦ ᠴᠢᠬᠢ ᠨᠢ ᠮᠠᠭᠤᠳᠠᠳᠠᠭ᠃ ᠥᠲᠡᠯᠬᠦ ᠭᠡᠳᠡᠭ ᠪᠣᠯ ᠬᠥᠮᠥᠨ ᠲᠥᠷᠥᠯᠬᠢᠲᠡᠨ ᠤ ᠠᠮᠢ ᠨᠠᠰᠤᠨ ᠯᠤᠭ᠎ᠠ ᠨᠢᠭᠲᠠ ᠬᠤᠯᠪᠣᠭᠳᠠᠵᠤ ᠪᠠᠶᠢᠬᠤ ᠪᠣᠯᠬᠤᠷ ᠳᠡᠯᠡᠬᠡᠢ ᠨᠡᠶᠢᠲᠡ  ᠪᠠᠷ ᠢᠶᠠᠨ ᠡᠨᠡ ᠠᠰᠠᠭᠤᠳᠠᠯ ᠢ ᠮᠠᠰᠢ ᠠᠩᠬᠠᠷᠴᠤ ᠪᠤᠢ᠃ ᠡᠯ᠎ᠡ ᠤᠯᠤᠰ ᠤᠨ ᠰᠤᠳᠤᠯᠤᠯ ᠤᠨ ᠮᠠᠲ᠋ᠧᠷᠢᠶᠠᠯ ᠠᠴᠠ ᠦᠵᠡᠪᠡᠯ᠂ ᠥᠲᠡᠯᠬᠦ ᠰᠢᠯᠲᠠᠭᠠᠨ ᠪᠠᠷᠤᠭ 300 ᠭᠠᠷᠤᠢ ᠵᠦᠢᠯ ᠪᠠᠶᠢᠨ᠎ᠠ᠃ ᠤᠯᠠᠨ ᠤ ᠮᠡᠳᠡᠭᠡᠵᠢ ᠪᠠᠷ ᠡᠪᠡᠳᠴᠢᠨ ᠡᠮᠭᠡᠭ᠂ ᠰᠢᠮ᠎ᠡ ᠲᠡᠵᠢᠭᠡᠯ ᠤᠨ ᠬᠤᠪᠢᠷᠠᠯᠲᠠ ᠪᠠ ᠤᠳᠤᠮᠰᠢᠯ ᠤᠨ ᠠᠷᠬᠠᠭ ᠵᠡᠷᠭᠡ ᠬᠡᠳᠦᠨ ᠵᠦᠢᠯ ᠤᠨ ᠰᠢᠯᠲᠠᠭᠠᠨ ᠨᠢ ᠭᠤᠣᠯ ᠪᠤᠯᠳᠠᠭ ᠶᠤᠮ᠃ ᠶᠡᠭᠡ ᠲᠥᠯᠥᠪ ᠲᠤᠨᠢ ᠠᠪᠴᠤ ᠬᠡᠯᠡᠪᠡᠯ᠂ ᠨᠠᠰᠤᠵᠢᠭᠰᠠᠨ ᠬᠥᠮᠥᠰ ᠤᠨ ᠡᠪᠡᠳᠴᠢᠨ ᠢ ᠡᠰᠡᠷᠭᠦᠴᠡᠬᠦ ᠴᠢᠳᠠᠪᠤᠷᠢ ᠪᠠᠷᠤᠭᠲᠠᠢ ᠪᠣᠯᠬᠤᠷ ᠬᠠᠯᠳᠠᠪᠤᠷᠢᠲᠦ ᠡᠪᠡᠳᠴᠢᠨ ᠳᠤ ᠭᠢᠯᠪᠠᠷᠬᠠᠨ ᠨᠡᠷᠪᠡᠭᠳᠡᠳᠡᠭ᠃ ᠨᠠᠰᠤᠵᠢᠭᠰᠠᠨ ᠬᠥᠮᠥᠰ ᠤᠨ ᠬᠥᠳᠡᠯᠭᠡᠭᠡᠨ ᠤ ᠬᠡᠮᠵᠢᠶ᠎ᠡ ᠪᠠᠭ᠎ᠠ ᠤᠴᠢᠷ ᠠᠴᠠ ᠰᠢᠮ᠎ᠡ ᠲᠡᠵᠢᠭᠡᠯ ᠱᠠᠭᠠᠷᠳᠠᠬᠤ ᠬᠡᠮᠵᠢᠶ᠎ᠡ  ᠨᠢ ᠴᠦ ᠪᠠᠭ᠎ᠠ ᠪᠤᠯᠳᠠᠭ᠃ ᠬᠡᠷᠪᠡ ᠰᠥᠰᠥᠨ ᠤ ᠴᠢᠯᠠᠭᠤᠯᠢᠭ ᠠᠯᠺᠦᠦᠯ ᠲᠠᠢ ᠢᠳᠡᠭᠡᠨ ᠢᠯᠡᠭᠦᠦ ᠢᠳᠡᠪᠡᠯ ᠠᠮᠠᠷᠬᠠᠨ ᠲᠠᠷᠭᠤᠯᠠᠵᠤ᠂ ᠲᠡᠷᠡᠴᠢᠯᠡᠨ ᠴᠢᠰᠤᠨ ᠳᠠᠷᠤᠯᠲᠠ ᠥᠨᠳᠥᠷ᠂ ᠵᠢᠷᠦᠬᠡᠨ ᠲᠢᠲᠢᠮ ᠤᠨ ᠡᠪᠡᠳᠴᠢᠨ᠂ ᠰᠢᠬᠢᠷ ᠰᠢᠵᠢᠩ ᠡᠪᠡᠳᠴᠢᠨ ᠳᠤ ᠨᠡᠷᠪᠡᠭᠳᠡᠳᠡᠭ᠃ ᠦᠮᠡᠨ ᠡᠪᠡᠳᠴᠢᠨ ᠪᠤᠶᠤ ᠤᠳᠠᠭᠠᠨ ᠴᠢᠨᠠᠷᠲᠠᠢ ᠰᠠᠯᠪᠤᠷᠢ ᠮᠦᠭᠡᠷᠰᠦᠨ ᠬᠤᠭᠤᠯᠠᠢ  ᠶᠢᠨ ᠡᠪᠡᠳᠴᠢᠨ ᠵᠡᠷᠭᠡ ᠨᠢ ᠨᠠᠰᠤᠵᠢᠭᠰᠠᠨ ᠬᠥᠮᠥᠰ ᠤᠨ ᠤᠯᠠᠨ ᠨᠡᠷᠪᠡᠭᠳᠡᠳᠡᠭ ᠡᠪᠡᠳᠴᠢᠨ ᠪᠣᠯᠣᠨ᠎ᠠ᠃ ᠡᠳᠡᠭᠡᠷ ᠪᠤᠢ ᠪᠦᠬᠦᠢ ᠬᠦᠴᠦᠨ ᠵᠦᠢᠯ ᠤᠳ ᠨᠢ ᠬᠥᠮᠥᠨ ᠤ ᠪᠡᠶ᠎ᠡ ᠶᠢᠨ ᠨᠡᠬᠡᠳᠡᠰᠦ ᠪᠣᠯᠣᠨ ᠳᠣᠲᠣᠷ ᠡᠷᠬᠡᠲᠡᠨ ᠤ ᠰᠢᠰᠲ᠋ᠧᠮ ᠲᠠᠢ ᠠᠵᠢᠯᠯᠠᠭ᠎ᠠ ᠶᠢ ᠨᠡᠶᠢᠳᠡᠮ ᠪᠠᠭᠤᠷᠠᠭᠤᠯᠤᠨ ᠬᠥᠭᠰᠢᠷᠡᠭᠦᠯᠳᠡᠭ᠃ ᠡᠭᠦᠨ ᠢ ᠡᠮᠨᠡᠯᠭᠡ ᠶᠢᠨ ᠤᠬᠠᠭᠠᠨ ᠳᠤ ᠥᠲᠡᠯᠬᠦ ᠭᠡᠳᠡᠭ᠃      ᠬᠥᠮᠥᠰ ᠤᠯᠠᠨ ᠵᠢᠯ ᠤᠨ ᠲᠤᠷᠰᠢ᠂ ᠥᠲᠡᠯᠬᠦ ᠪᠠ ᠲᠡᠭᠦᠨ ᠢ ᠰᠢᠨᠵᠢᠯᠡᠬᠦ ᠤᠬᠠᠭᠠᠨᠴᠢ ᠪᠠᠷ ᠤᠷᠢᠳᠴᠢᠯᠠᠨ ᠰᠡᠷᠭᠡᠶᠢᠯᠡᠬᠦ ᠠᠷᠭ᠎ᠠ ᠵᠠᠮ ᠢ ᠰᠦᠪᠡᠭᠴᠢᠯᠡᠨ ᠰᠤᠳᠤᠯᠬᠤ ᠪᠠᠷ ᠶᠡᠭᠡ ᠦᠨ᠎ᠡ ᠦᠷᠳᠡᠭ ᠢ ᠵᠠᠷᠤᠴᠠᠭᠤᠯᠵᠤ ᠥᠩᠭᠡᠷᠡᠪᠡ᠃ ᠥᠲᠡᠯᠬᠦ ᠶᠢ ᠰᠡᠷᠭᠡᠶᠢᠯᠡᠬᠦ ᠭᠡᠳᠡᠭ ᠨᠢ ᠳᠠᠷᠤᠢ ᠨᠠᠰᠤᠨ ᠬᠤᠲᠤᠭ ᠢ ᠤᠷᠲᠤᠳᠬᠠᠬᠤ ᠭᠡᠰᠡᠨ ᠤᠳᠬ᠎ᠠ ᠲᠠᠢ ᠶᠤᠮ᠃ ᠵᠠᠷᠢᠮ ᠬᠥᠮᠥᠨ ᠪᠠᠨᠠᠨᠠ ᠪᠣᠯ ᠤᠷᠳᠦ ᠨᠠᠰᠤᠯᠠᠬᠤ ᠳᠤ ᠤᠭᠢ ᠢᠳᠡᠭᠡᠨ ᠪᠣᠯᠬᠤᠷ ᠢᠯᠡᠭᠦᠬᠡᠨ ᠢᠳᠡᠪᠡᠯ ᠰᠠᠶᠢᠨ ᠭᠡᠵᠦ ᠦᠵᠡᠳᠡᠭ; ᠪᠠᠰᠠ ᠵᠠᠷᠢᠮ ᠲᠤᠷᠰᠢᠯᠲᠠ ᠲᠤᠰᠬᠠᠭᠰᠠᠨ ᠨᠢ᠂ ᠲᠣᠭᠲᠠᠭᠰᠠᠨ ᠬᠤᠭᠤᠴᠠᠭ᠎ᠠ ᠲᠠᠢ ᠪᠠᠷ ᠰᠦᠳᠡ ᠲᠠᠢ ᠤᠰᠤ ᠪᠠᠷ ᠪᠡᠶ᠎ᠡ ᠪᠠᠨ ᠤᠬᠢᠶᠠᠪᠠᠯ ᠥᠲᠡᠯᠬᠦ ᠶᠢ ᠰᠡᠷᠭᠡᠶᠢᠯᠡᠵᠦ ᠪᠣᠯᠣᠨ᠎ᠠ ᠭᠡᠳᠡᠭ᠃ ᠭᠡᠲᠡᠯ᠎ᠡ ᠡᠳᠡᠭᠡᠷ ᠪᠦᠭᠦᠨ ᠨᠢ ᠪᠦᠷ ᠯᠡ ᠬᠠᠷᠠᠬᠠᠨ ᠬᠥᠮᠥᠨ ᠢ ᠦᠨᠡᠮᠰᠢᠭᠦᠯᠦᠮᠡᠷ ᠦᠨᠳᠦᠰᠦ ᠪᠠᠷᠢᠮᠲᠠ ᠦᠭᠡᠢ ᠪᠠᠶᠢᠭᠰᠠᠭᠠᠷ ᠪᠢᠯᠡ᠃      ᠬᠤᠵᠢᠮ ᠨᠢ ᠡᠮᠨᠡᠯᠭᠡ ᠶᠢᠨ ᠤᠬᠠᠭᠠᠨ ᠤ ᠰᠤᠳᠤᠯᠤᠯᠲᠠ ᠨᠢ ᠪᠡᠶ᠎ᠡ ᠶᠢᠨ ᠲᠠᠮᠢᠷ ᠤᠨ ᠪᠣᠯᠪᠠᠰᠤᠷᠠᠯ ᠪᠣᠯ ᠥᠲᠡᠯᠬᠦ ᠶᠢ ᠤᠳᠠᠭᠠᠰᠢᠷᠠᠭᠤᠯᠬᠤ ᠳᠤ ᠲᠤᠶᠢᠯ ᠤᠨ ᠴᠢᠬᠤᠯᠠ ᠦᠢᠯᠡᠳᠦᠯ ᠭᠠᠷᠭᠠᠳᠠᠭ ᠭᠡᠰᠡᠨ ᠢ ᠣᠯᠵᠤ ᠮᠡᠳᠡᠪᠡ᠄ ᠨᠠᠶᠠᠨ ᠬᠤᠶᠠᠷ ᠨᠠᠰᠤᠲᠠᠢ ᠭᠧᠷᠮᠠᠨ ᠤ ᠲᠠᠮᠢᠷᠴᠢᠨ ᠯᠠᠮᠪᠸᠢᠢᠲ ᠤᠨ ᠵᠢᠷᠦᠬᠡᠨ ᠤ ᠠᠵᠢᠯᠯᠠᠭᠠᠨ ᠤ ᠴᠢᠳᠠᠪᠤᠷᠢ ᠨᠢ ᠬᠤᠷᠢᠨ ᠲᠠᠪᠤᠨ ᠨᠠᠰᠤ ᠲᠠᠢ ᠵᠠᠯᠠᠭᠤ ᠬᠥᠮᠥᠨ ᠲᠠᠢ ᠠᠳᠠᠯᠢ ᠪᠠᠶᠢᠪᠠ᠃ ᠬᠦᠯᠢᠴᠡᠩᠭᠦᠢ ᠲᠡᠰᠪᠦᠷᠢᠯᠡᠯ ᠤᠨ ᠪᠣᠯᠪᠠᠰᠤᠷᠠᠯ︵ᠬᠦᠯᠢᠴᠡᠩᠭᠦᠢ ᠲᠡᠰᠪᠦᠷᠢᠯᠡᠯ ᠨᠢ ᠳᠣᠲᠣᠭᠠᠳᠤ ᠱᠦᠭᠦᠷᠡᠯ ᠢ ᠵᠠᠬᠢᠷᠴᠤ ᠪᠤᠢ︶ ᠨᠢ ᠨᠠᠰᠤ ᠠᠬᠢᠭᠰᠠᠨ ᠡᠮᠡᠭᠲᠡᠢ ᠶᠢ ᠴᠦ ᠭᠡᠰᠡᠨ ᠵᠠᠯᠠᠭᠤ ᠪᠣᠯᠭᠠᠳᠠᠭ᠃ ᠮᠠᠨ ᠤ ᠤᠯᠤᠰ ᠤᠨ ᠡᠷᠲᠡᠨ ᠤ ᠲᠡᠦᠬᠡ ᠰᠤᠳᠤᠷ ᠲᠤ᠂ ᠠᠯᠳᠠᠷᠲᠤ ᠡᠮᠴᠢ ᠬᠤᠸᠠ ᠲᠦᠸᠧ ᠶᠢᠨ ᠱᠠᠪᠢ ᠦ᠋ ᠫᠦ᠋ ᠴᠢᠨ ︽ᠲᠠᠪᠤᠨ ᠵᠢᠭᠦᠷᠲᠡᠨ ᠤ ᠲᠣᠭᠯᠠᠭᠠᠮ︾ ᠢ ᠪᠣᠯᠪᠠᠰᠤᠷᠠᠭᠰᠠᠨ ᠠᠴᠠ ᠶᠡᠷᠡᠨ ᠨᠠᠰᠤ ᠬᠥᠷᠥᠴᠢᠬᠡᠭᠡᠳ ᠪᠠᠰᠠ ᠨᠢᠳᠦ ᠴᠢᠬᠢ ᠨᠢ ᠰᠣᠷᠭᠤᠭ ᠪᠥᠭᠡᠳ ᠴᠤᠭ ᠵᠢᠪᠬᠤᠭ᠎ᠠ ᠲᠠᠢ ᠪᠠᠶᠢᠵᠤᠬᠤᠢ ᠬᠡᠮᠡᠨ ᠲᠡᠮᠳᠡᠭᠯᠡᠵᠦ ᠪᠤᠢ᠃ ᠲᠡᠶᠢᠮᠦ ᠠᠴᠠ ᠪᠡᠶ᠎ᠡ ᠶᠢᠨ ᠲᠠᠮᠢᠷ ᠤᠨ ᠬᠥᠳᠡᠯᠭᠡᠭᠡᠨ ᠨᠢ ᠡᠯ᠎ᠡ ᠡᠷᠬᠡᠲᠡᠨ ᠤ ᠠᠵᠢᠯᠯᠠᠭ᠎ᠠ ᠶᠢ ᠨᠡᠶᠢᠳᠡᠮ ᠰᠠᠶᠢᠵᠢᠷᠠᠭᠤᠯᠵᠤ᠂ ᠡᠯ᠎ᠡ ᠡᠷᠬᠡᠲᠡᠨ ᠤ ᠮᠠᠭᠤᠲᠠᠬᠤ ᠶᠢ ᠰᠡᠷᠭᠡᠶᠢᠯᠡᠨ ᠬᠢᠵᠠᠭᠠᠷᠯᠠᠵᠤ᠂ ᠡᠪᠡᠳᠴᠢᠨ ᠡᠮᠭᠡᠭ ᠢ ᠰᠡᠷᠭᠡᠶᠢᠯᠡᠨ᠂ ᠥᠲᠡᠯᠬᠦ ᠶᠢ ᠤᠳᠠᠭᠠᠰᠢᠷᠠᠭᠤᠯᠳᠠᠭ ᠪᠦᠲᠦᠮᠵᠢᠲᠡᠢ ᠠᠷᠭ᠎ᠠ ᠬᠡᠮᠵᠢᠶ᠎ᠡ ᠭᠡᠵᠦ ᠬᠥᠮᠥᠰ ᠦᠵᠡᠵᠦ ᠪᠤᠢ᠃      ᠵᠢᠮ᠎ᠡ ᠶᠣᠰᠣ ᠲᠠᠢ ᠠᠮᠢᠳᠤᠷᠠᠯ ᠪᠣᠯ ᠡᠷᠡᠭᠦᠯ ᠮᠡᠨᠳᠦ ᠶᠠᠪᠤᠵᠤ ᠤᠷᠲᠦ ᠨᠠᠰᠤᠯᠠᠬᠤ ᠶᠢᠨ ᠴᠢᠬᠤᠯᠠ ᠨᠥᠬᠦᠴᠡᠯ ᠮᠥᠨ ᠭᠡᠵᠦ ᠮᠠᠰᠢ ᠤᠯᠠᠨ ᠮᠠᠲ᠋ᠧᠷᠢᠶᠠᠯ ᠨᠤᠲᠠᠯᠠᠵᠤ ᠪᠤᠢ᠃ ᠳᠦᠷᠪᠡᠨ ᠤᠯᠠᠷᠢᠯ ᠤᠨ ᠠᠭᠤᠷ ᠠᠮᠢᠰᠬᠤᠯ ᠯᠤᠭ᠎ᠠ ᠵᠣᠬᠢᠴᠠᠭᠤᠯᠤᠨ ᠡᠷᠲᠡ ᠤᠨᠲᠠᠵᠤ᠂ ᠡᠷᠲᠡ ᠪᠣᠰᠴᠤ᠂ ᠲᠣᠭᠲᠠᠭᠰᠠᠨ ᠴᠠᠭ ᠲᠠᠭᠠᠨ ᠢᠳᠡᠵᠦ ᠤᠤᠭᠤᠬᠤ ᠬᠡᠷᠡᠭᠲᠡᠢ᠃ ᠬᠠᠮᠤᠭ ᠤᠨ ᠰᠠᠶᠢᠨ ᠨᠢ ᠳᠠᠩᠴᠢ ᠴᠠᠳᠲᠠᠯ᠎ᠠ ᠢᠳᠡᠬᠦ ᠦᠭᠡᠢ ᠪᠠᠶᠢᠵᠤ᠂ ᠢᠳᠡᠵᠦ ᠪᠠᠷᠠᠭᠰᠠᠨ ᠤ ᠳᠠᠷᠠᠭ᠎ᠠ ᠭᠠᠳᠠᠭᠤᠷ ᠠᠯᠬᠤᠯᠠᠪᠠᠯ ᠵᠣᠬᠢᠨ᠎ᠠ᠃ ᠢᠳᠡᠰᠢᠨ ᠨᠣᠭᠤᠭ᠎ᠠ᠂ ᠪᠤᠷᠴᠠᠭ ᠤᠨ ᠵᠦᠢᠯ ᠢ ᠢᠯᠡᠭᠦᠦ ᠢᠳᠡᠵᠦ᠂ ᠥᠭᠡᠬᠦ᠂ ᠥᠨᠳᠡᠭᠡᠨ ᠰᠢᠷ᠎ᠠ  ᠶᠢᠨ ᠵᠦᠢᠯ ᠢ ᠳᠤᠲᠠᠭᠤ ᠢᠳᠡᠬᠦ ᠬᠡᠷᠡᠭᠲᠡᠢ᠃ ᠬᠡᠷᠪᠡ ᠪᠡᠶ᠎ᠡ ᠶᠢᠨ ᠬᠦᠨᠳᠦ ᠬᠡᠲᠦᠷᠬᠡᠢ ᠨᠡᠮᠡᠭᠳᠡᠭᠰᠡᠨ ᠪᠠᠶᠢᠪᠠᠯ  ᠬᠥᠳᠡᠯᠭᠡᠭᠡᠨ ᠬᠢᠬᠦ ᠴᠠᠭ ᠢᠶᠠᠨ ᠤᠷᠲᠤᠳᠬᠠᠵᠤ᠂ ᠬᠤᠭᠤᠯᠠ ᠢᠳᠡᠭᠡᠨ ᠪᠣᠯᠣᠨ ᠢᠯᠴᠢ ᠶᠢ ᠵᠣᠬᠢᠬᠤ ᠬᠡᠮᠵᠢᠶ᠎ᠡ ᠪᠠᠷ ᠪᠠᠭᠠᠰᠬᠠᠬᠤ ᠬᠡᠷᠡᠭᠲᠡᠢ᠃      ︵︽ᠠᠮᠢᠳᠤᠷᠠᠯ ᠤᠨ ᠳᠤᠮᠳᠠᠬᠢ ᠰᠢᠨᠵᠢᠯᠡᠬᠦ ᠤᠬᠠᠭᠠᠨ︾ ᠨᠣᠮ ᠠᠴᠠ ᠰᠣᠩᠭᠤᠪᠠ︶
 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10000440号