| | ᠠᠷᠪᠠᠨ ᠳᠥᠷᠪᠡᠳᠦᠭᠡᠷ ᠬᠤᠭᠤᠴᠠᠭᠠᠨ ᠤ ᠪᠦᠭᠦ ᠤᠯᠤᠰ ᠤᠨ ᠡᠪᠦᠯ ᠤᠨ ᠤᠯᠠᠷᠢᠯ ᠤᠨ ᠲᠠᠮᠢᠷ ᠤᠨ ᠴᠤᠭᠯᠠᠭᠠᠨ | 2024 ᠣᠨ ᠤ 2 ᠰᠠᠷ᠎ᠠ ᠶᠢᠨ 17 ᠤ ᠡᠳᠦᠷ ᠠᠴᠠ 2 ᠰᠠᠷ᠎ᠠ ᠶᠢᠨ 27 ᠤ ᠡᠳᠦᠷ ᠪᠤᠯᠲᠠᠯ᠎ᠠ ᠮᠠᠨ ᠤ ᠣᠷᠣᠨ ᠳᠤ | ᠶᠠᠪᠤᠭᠳᠠᠨ᠎ᠠ᠃ | 2024 ᠣᠨ ᠤ 1 ᠰᠠᠷ᠎ᠠ ᠶᠢᠨ 2 ᠤᠨ ᠡᠳᠦᠷ ᠤᠨ 11 ᠴᠠᠭ ᠲᠤ᠂ ᠠᠷᠪᠠᠨ ᠳᠥᠷᠪᠡᠳᠦᠭᠡᠷ | ᠬᠤᠭᠤᠴᠠᠭᠠᠨ ᠤ ᠪᠦᠭᠦ ᠤᠯᠤᠰ ᠤᠨ ᠡᠪᠦᠯ ᠤᠨ ᠤᠯᠠᠷᠢᠯ ᠤᠨ ᠲᠠᠮᠢᠷ ᠤᠨ ᠴᠤᠭᠯᠠᠭᠠᠨ ᠤ ᠬᠥᠯᠥᠨ ᠪᠤᠶᠢᠷ ᠤᠨ | ᠤᠷᠤᠯᠳᠤᠭᠠᠨ ᠤ ᠲᠣᠭᠤᠷᠢᠭ ᠤᠨ ᠣᠯᠠᠨ ᠨᠡᠶᠢᠲᠡ ᠳᠤ ᠬᠠᠨᠳᠤᠭᠤᠯᠤᠭᠰᠠᠨ ᠪᠢᠯᠧᠲ ᠬᠤᠳᠠᠯᠳᠤᠬᠤ ᠠᠷᠭ᠎ᠠ ᠵᠠᠮ ᠢ | ᠨᠡᠭᠡᠭᠡᠵᠡᠢ᠃ | ᠨᠢᠭᠡᠳᠦᠭᠡᠷ ᠪᠦᠯᠦᠭ ᠤᠨ ᠰᠦᠯᠵᠢᠶᠡᠨ ᠳᠡᠭᠡᠷ᠎ᠡ ᠤᠷᠢᠳᠴᠢᠯᠠᠨ ᠬᠤᠳᠠᠯᠳᠤᠬᠤ ᠪᠢᠯᠧᠲ ᠤᠨ ᠲᠥᠷᠥᠯ ᠵᠦᠢᠯ | ᠪᠣᠯ ᠮᠥᠰᠥᠨ ᠳᠡᠪᠦᠷ᠎ᠡ ︵ᠵᠠᠯᠠᠭᠤᠴᠤᠳ ᠤᠨ ᠳᠤᠭᠤᠶᠢᠯᠠᠩ︶᠂ ᠲᠦᠷᠭᠡᠨ ᠲᠡᠰᠢᠯᠲᠡ ︵ᠢᠯᠡ ᠳᠤᠭᠤᠶᠢᠯᠠᠩ︶᠂ ᠣᠶᠢᠷ᠎ᠠ | ᠵᠠᠢ ᠶᠢᠨ ᠲᠦᠷᠭᠡᠨ ᠲᠡᠰᠢᠯᠲᠡ︵ᠵᠠᠯᠠᠭᠤᠴᠤᠳ ᠤᠨ ᠳᠤᠭᠤᠶᠢᠯᠠᠩ︶ᠵᠡᠷᠭᠡ 3 ᠲᠥᠷᠥᠯ ᠪᠤᠯᠣᠨ᠎ᠠ; ᠤᠷᠠᠨ | ᠲᠡᠰᠢᠯᠲᠡ︵ᠵᠠᠯᠠᠭᠤᠴᠤᠳ ᠤᠨ ᠳᠤᠭᠤᠶᠢᠯᠠᠩ︶᠂ ᠤᠷᠠᠨ ᠲᠡᠰᠢᠯᠲᠡ︵ᠢᠯᠡ ᠳᠤᠭᠤᠶᠢᠯᠠᠩ︶᠂ ᠣᠶᠢᠷ᠎ᠠ ᠵᠠᠢ ᠶᠢᠨ ᠲᠦᠷᠭᠡᠨ | ᠲᠡᠰᠢᠯᠲᠡ︵ᠢᠯᠡ ᠳᠤᠭᠤᠶᠢᠯᠠᠩ︶᠂ ᠲᠦᠷᠭᠡᠨ ᠲᠡᠰᠢᠯᠲᠡ︵ᠵᠠᠯᠠᠭᠤᠴᠤᠳ ᠤᠨ ᠳᠤᠭᠤᠶᠢᠯᠠᠩ︶᠂ ᠮᠥᠰᠥᠨ ᠳᠡᠪᠦᠷ᠎ᠡ | ︵ᠢᠯᠡ ᠳᠤᠭᠤᠶᠢᠯᠠᠩ︶᠂ ᠮᠥᠰᠥᠨ ᠪᠥᠮᠪᠦᠭᠡ ︵ᠵᠠᠯᠠᠭᠤᠴᠤᠳ ᠤᠨ ᠳᠤᠭᠤᠶᠢᠯᠠᠩ︶ ᠵᠢᠴᠢ ᠴᠠᠰᠤᠨ ᠳᠡᠭᠡᠷᠡᠬᠢ ᠲᠥᠷᠥᠯ | ᠵᠦᠢᠯ ᠤᠨ ᠪᠢᠯᠧᠲ ᠢ ᠴᠦ ᠵᠠᠯᠭᠠᠭ᠎ᠠ ᠪᠠᠷ ᠡᠬᠢᠯᠡᠨ ᠪᠣᠷᠣᠯᠠᠭᠤᠯᠤᠨ᠎ᠠ᠃ | | | ᠨᠢᠭᠡ᠂ ᠬᠠᠮᠢᠭ᠎ᠠ ᠠᠴᠠ︽ᠠᠷᠪᠠᠨ ᠳᠥᠷᠪᠡᠳᠦᠭᠡᠷ ᠡᠪᠦᠯ ᠤᠨ ᠴᠤᠭᠯᠠᠭᠠᠨ︾ ᠤ ᠬᠥᠯᠥᠨ ᠪᠤᠶᠢᠷ ᠤᠨ | ᠤᠷᠤᠯᠳᠤᠭᠠᠨ ᠤ ᠲᠣᠭᠤᠷᠢᠭ ᠤᠨ ᠪᠢᠯᠧᠲ ᠢ ᠬᠤᠳᠠᠯᠳᠤᠨ ᠠᠪᠴᠤ ᠪᠤᠯᠬᠤ ᠪᠤᠶ︖ | ᠲᠣᠰ ᠬᠤᠭᠤᠴᠠᠭᠠᠨ ᠤ ᠡᠪᠦᠯ ᠤᠨ ᠤᠯᠠᠷᠢᠯ ᠤᠨ ᠲᠠᠮᠢᠷ ᠤᠨ ᠴᠤᠭᠯᠠᠭᠠᠨ ᠤ ᠬᠥᠯᠥᠨ ᠪᠤᠶᠢᠷ ᠤᠨ | ᠤᠷᠤᠯᠳᠤᠭᠠᠨ ᠤ ᠲᠣᠭᠤᠷᠢᠭ ᠲᠤ ᠰᠦᠯᠵᠢᠶᠡᠨ ᠳᠡᠭᠡᠷ᠎ᠡ ᠪᠠ ᠰᠦᠯᠵᠢᠶᠡᠨ ᠭᠠᠳᠠᠨ᠎ᠠ ᠪᠢᠯᠧᠲ ᠬᠤᠳᠠᠯᠳᠤᠬᠤ ᠵᠠᠭᠪᠤᠷ ᠢ | ᠤᠶᠠᠯᠳᠤᠭᠤᠯᠵᠠᠢ᠃ ᠣᠯᠠᠨ ᠨᠡᠶᠢᠲᠡ ᠵᠢᠷᠭᠢᠶ᠎ᠡ ᠪᠠᠷ ᠳᠠᠮᠵᠢᠭᠤᠯᠤᠨ ︽ᠬᠥᠯᠥᠨ ᠪᠤᠶᠢᠷ ᠤᠨ ᠠᠷᠪᠠᠨ ᠳᠥᠷᠪᠡᠳᠦᠭᠡᠷ | ᠡᠪᠦᠯ ᠤᠨ ᠴᠤᠭᠯᠠᠭᠠᠨ ᠤ ᠵᠠᠬ᠎ᠠ ᠳᠡᠯᠭᠡᠭᠦᠷ ᠤᠨ ᠨᠡᠭᠡᠭᠡᠨ ᠬᠥᠭᠵᠢᠭᠦᠯᠦᠯᠲᠡ ᠶᠢᠨ ᠬᠢᠵᠠᠭᠠᠷᠲᠤ ᠺᠤᠮᠫᠠᠨᠢ︾ ᠶᠢ ᠬᠠᠶᠢᠵᠤ᠂ | ᠣᠯᠠᠨ ᠨᠡᠶᠢᠲᠡ ᠶᠢᠨ ᠳ᠋ᠤᠭᠠᠷ ᠲᠤ ᠣᠷᠣᠵᠤ ᠰᠦᠯᠵᠢᠶᠡᠨ ᠳᠡᠭᠡᠷ᠎ᠡ ᠪᠢᠯᠧᠲ ᠬᠤᠳᠠᠯᠳᠤᠨ ᠠᠪᠴᠤ ᠪᠣᠯᠣᠨ᠎ᠠ᠂ ᠲᠠᠯᠠᠪᠠᠶ | ᠳᠣᠲᠣᠷᠠᠬᠢ ᠪᠢᠯᠧᠲ ᠬᠤᠳᠠᠯᠳᠤᠬᠤ ᠮᠤᠬᠤᠯᠠᠭ ᠵᠡᠷᠭᠡ ᠰᠦᠯᠵᠢᠶᠡᠨ ᠭᠠᠳᠠᠨ᠎ᠠ ᠪᠣᠷᠣᠯᠠᠭᠤᠯᠬᠤ ᠠᠷᠭ᠎ᠠ ᠵᠠᠮ ᠢ 1 | ᠰᠠᠷ᠎ᠠ ᠶᠢᠨ 9 ᠤ ᠡᠳᠦᠷ ᠠᠴᠠ ᠡᠬᠢᠯᠡᠨ ᠬᠡᠷᠡᠭᠵᠢᠭᠦᠯᠬᠦ ᠶᠢᠨ ᠬᠠᠮᠲᠤ ᠣᠯᠠᠨ ᠨᠡᠶᠢᠲᠡ ᠳᠤ ᠪᠢᠯᠧᠲ ᠬᠤᠳᠠᠯᠳᠤᠬᠤ ᠪᠠᠷ | ᠲᠥᠯᠥᠪᠯᠡᠵᠦ ᠪᠤᠶ᠃ | | | ᠬᠤᠶᠠᠷ᠂ ︽ᠠᠷᠪᠠᠨ ᠳᠥᠷᠪᠡᠳᠦᠭᠡᠷ ᠡᠪᠦᠯ ᠤᠨ ᠴᠤᠭᠯᠠᠭᠠᠨ︾ ᠤ ᠨᠡᠭᠡᠭᠡᠯᠲᠡ ᠪᠠ ᠲᠡᠭᠦᠰᠬᠦ ᠶᠣᠰᠣᠯᠠᠯ ᠤᠨ | ᠪᠢᠯᠧᠲ ᠢ ᠬᠤᠳᠠᠯᠳᠤᠨ ᠠᠪᠴᠤ ᠳᠡᠶᠢᠯᠦᠨ᠎ᠡ ᠤᠤ︖ | ᠨᠡᠭᠡᠭᠡᠯᠲᠡ ᠪᠠ ᠲᠡᠭᠦᠰᠬᠦ ᠶᠣᠰᠣᠯᠠᠯ ᠤᠨ ᠪᠢᠯᠧᠲ ᠤᠨ ᠶᠠᠪᠤᠳᠠᠯ ᠤᠨ ᠲᠥᠰᠥᠯ ᠤᠨ ᠲᠣᠭᠲᠠᠭᠠᠯ ᠢ | ᠦᠨᠳᠦᠰᠦᠯᠡᠪᠡᠯ᠂ ᠨᠡᠭᠡᠭᠡᠯᠲᠡ ᠪᠠ ᠲᠡᠭᠦᠰᠬᠦ ᠶᠣᠰᠣᠯᠠᠯ ᠤᠨ ᠪᠢᠯᠧᠲ ᠢ ᠣᠯᠠᠨ ᠨᠡᠶᠢᠲᠡ ᠳᠤ ᠬᠤᠳᠠᠯᠳᠤᠬᠤ ᠦᠭᠡᠢ᠃ | | | ᠭᠤᠷᠪᠠ᠂ ᠪᠢᠯᠧᠲ ᠬᠤᠳᠠᠯᠳᠤᠨ ᠠᠪᠬᠤ ᠪᠠ ᠤᠷᠤᠯᠳᠤᠭᠠᠨ ᠦᠵᠡᠬᠦ ᠳᠤ ᠦᠨᠡᠨ ᠨᠡᠷ᠎ᠡ ᠶᠢᠨ ᠳᠦᠷᠢᠮ ᠢ | ᠱᠠᠭᠠᠷᠳᠠᠨ᠎ᠠ ᠤᠤ︖ | ︽ᠠᠷᠪᠠᠨ ᠳᠥᠷᠪᠡᠳᠦᠭᠡᠷ ᠡᠪᠦᠯ ᠤᠨ ᠴᠤᠭᠯᠠᠭᠠᠨ︾ ᠳᠤ ᠦᠨᠡᠨ ᠨᠡᠷ᠎ᠡ ᠪᠠᠷ ᠪᠢᠯᠧᠲ ᠬᠤᠳᠠᠯᠳᠤᠨ ᠠᠪᠬᠤ ᠶᠢ | ᠱᠠᠭᠠᠷᠳᠠᠵᠤ᠂ ᠣᠯᠠᠨ ᠨᠡᠶᠢᠲᠡ ᠪᠠᠷ ᠢᠶᠠᠨ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠰᠠᠭᠤᠭᠠᠯᠢ | ᠠᠷᠠᠳ ᠤᠨ ᠪᠡᠶ᠎ᠡ ᠶᠢᠨ ᠦᠨᠡᠮᠯᠡᠯ᠂ ᠰᠢᠶᠠᠩᠭᠠᠩ ᠣᠣᠮᠧᠨ ᠤ ᠰᠠᠭᠤᠭᠠᠯᠢ ᠠᠷᠠᠳ ᠤᠨ ᠳᠣᠲᠣᠷ ᠭᠠᠵᠠᠷ ᠢᠶᠠᠷ ᠵᠣᠷᠴᠢᠬᠤ | ᠦᠨᠡᠮᠯᠡᠯ᠂ ᠲᠠᠶᠢᠸᠠᠨ ᠤ ᠰᠠᠭᠤᠭᠠᠯᠢ ᠠᠷᠠᠳ ᠤᠨ ᠡᠬᠡ ᠬᠠᠭᠤᠷᠠᠢ ᠪᠠᠷ ᠵᠣᠷᠴᠢᠬᠤ ᠦᠨᠡᠮᠯᠡᠯ᠂ ᠭᠠᠳᠠᠭᠠᠳᠤ ᠶᠢᠨ ᠠᠷᠠᠳ | ᠢᠷᠭᠡᠨ ᠤ ᠬᠦᠴᠦᠨ ᠪᠦᠬᠦᠢ ᠫᠠᠰᠫᠣᠷᠲ ᠢᠶᠠᠷ ᠪᠢᠯᠧᠲ ᠬᠤᠳᠠᠯᠳᠤᠨ ᠠᠪᠴᠤ ᠪᠣᠯᠣᠨ᠎ᠠ᠂ ᠪᠢᠯᠧᠲ ᠬᠤᠳᠠᠯᠳᠤᠨ | ᠠᠪᠬᠤ ᠳᠠᠭᠠᠨ ᠪᠢᠯᠧᠲ ᠤᠨ ᠲᠤᠭ᠎ᠠ ᠬᠡᠮᠵᠢᠶ᠎ᠡ ᠲᠠᠢ ᠨᠢᠭᠡ ᠨᠢᠭᠡ ᠪᠠᠷ ᠬᠠᠷᠠᠭᠠᠯᠵᠠᠭᠰᠠᠨ ᠦᠨᠡᠨ ᠨᠡᠷ᠎ᠡ ᠶᠢᠨ | ᠳᠦᠷᠢᠮ ᠤᠨ ᠮᠡᠳᠡᠭᠡ ᠵᠠᠩᠭᠢ ᠶᠢ ᠲᠠᠭᠯᠠᠬᠤ ᠬᠡᠷᠡᠭᠲᠡᠢ᠃ | ︽ᠠᠷᠪᠠᠨ ᠳᠥᠷᠪᠡᠳᠦᠭᠡᠷ ᠡᠪᠦᠯ ᠤᠨ ᠴᠤᠭᠯᠠᠭᠠᠨ︾ ᠤ ᠦᠶ᠎ᠡ ᠳᠤ ᠲᠠᠯᠠᠪᠠᠶ ᠳᠤ ᠣᠷᠣᠬᠤ ᠳᠤ ᠬᠤᠪᠢ ᠬᠥᠮᠥᠨ | ᠥᠪᠡᠷ ᠤᠨ ᠢᠶᠠᠨ ᠬᠦᠴᠦᠨ ᠪᠦᠬᠦᠢ ᠪᠡᠶ᠎ᠡ ᠶᠢᠨ ᠦᠨᠡᠮᠯᠡᠯ ᠢᠶᠠᠨ ᠠᠪᠴᠤ ᠲᠠᠯᠠᠪᠠᠶ ᠳᠤ ᠣᠷᠣᠬᠤ ᠬᠡᠷᠡᠭᠲᠡᠢ᠃ | | | ᠳᠥᠷᠪᠡ᠂ ᠪᠢᠯᠧᠲ ᠬᠤᠳᠠᠯᠳᠤᠨ ᠠᠪᠬᠤ ᠪᠠ ᠲᠠᠯᠠᠪᠠᠶ ᠳᠤ ᠣᠷᠣᠬᠤ ᠳᠤ ᠨᠠᠰᠤᠨ ᠤ ᠬᠢᠵᠠᠭᠠᠷᠯᠠᠯ ᠲᠠᠢ ᠤᠤ︖ | | ᠪᠢᠯᠧᠲ ᠬᠤᠳᠠᠯᠳᠤᠨ ᠠᠪᠬᠤ ᠲᠠᠯ᠎ᠠ ᠪᠠᠷ᠂ ᠪᠢᠯᠧᠲ ᠬᠤᠳᠠᠯᠳᠤᠨ ᠠᠪᠤᠭᠴᠢ ᠪᠦᠬᠦᠯᠢ 18 ᠨᠠᠰᠤ | ᠭᠦᠷᠦᠭᠰᠡᠨ ᠪᠠᠶᠢᠬᠤ ᠬᠡᠷᠡᠭᠲᠡᠢ᠂ ᠰᠦᠯᠵᠢᠶᠡᠨ ᠳᠡᠭᠡᠷᠡᠬᠢ ᠵᠠᠬᠢᠶᠠᠯᠠᠭ᠎ᠠ ᠶᠢᠨ ᠬᠠᠭᠤᠳᠠᠰᠤᠨ ᠳᠤ ᠨᠠᠭᠠᠲᠤ ᠵᠠᠬ᠎ᠠ ᠳᠠᠭᠠᠨ | ᠪᠦᠬᠦᠯᠢ 18 ᠨᠠᠰᠤ ᠵᠢᠴᠢ ᠲᠡᠭᠦᠨ ᠠᠴᠠ ᠳᠡᠭᠡᠭᠰᠢᠬᠢ ᠨᠠᠰᠤᠨ ᠳᠤ ᠭᠦᠷᠦᠭᠰᠡᠳ ᠢ ᠪᠠᠭᠲᠠᠭᠠᠭᠰᠠᠨ ᠪᠠᠶᠢᠬᠤ ᠬᠡᠷᠡᠭᠲᠡᠢ᠂ | ᠨᠠᠰᠤᠨ ᠳᠤ ᠥᠯᠥ ᠭᠦᠷᠦᠭᠰᠡᠳ ᠢ ᠪᠠᠭᠲᠠᠭᠠᠭᠰᠠᠨ ᠵᠠᠬᠢᠶᠠᠯᠠᠭ᠎ᠠ ᠶᠢᠨ ᠬᠠᠭᠤᠳᠠᠰᠤ ᠶᠢ ᠡᠷᠬᠡᠪᠰᠢ ᠬᠠᠤᠯᠢ ᠪᠠᠷ | ᠲᠣᠭᠲᠠᠭᠠᠭᠰᠠᠨ ᠲᠥᠯᠥᠭᠡᠯᠡᠭᠴᠢ ᠲᠤᠰᠢᠶᠠᠬᠤ ᠭᠡᠷᠡᠭᠲᠡᠢ;ᠨᠠᠰᠤᠨ ᠳᠤ ᠥᠯᠥ ᠭᠦᠷᠦᠭᠰᠡᠳ ᠰᠦᠯᠵᠢᠶᠡᠨ ᠠᠴᠠ | ᠪᠢᠯᠧᠲ ᠬᠤᠳᠠᠯᠳᠤᠨ ᠠᠪᠬᠤ ᠳᠤ ᠡᠷᠬᠡᠪᠰᠢ ᠬᠠᠤᠯᠢ ᠪᠠᠷ ᠲᠣᠭᠲᠠᠭᠠᠭᠰᠠᠨ ᠲᠥᠯᠥᠭᠡᠯᠡᠭᠴᠢ ᠶᠢᠨ ᠪᠠᠷ᠎ᠠ ᠪᠤᠯᠤᠯᠭ᠎ᠠ | ᠲᠠᠢ ᠪᠠᠶᠢᠬᠤ ᠭᠡᠷᠡᠭᠲᠡᠢ;ᠲᠠᠯᠠᠪᠠᠶ ᠳᠤ ᠣᠷᠣᠬᠤ ᠲᠠᠯ᠎ᠠ ᠪᠠᠷ᠂ ᠣᠯᠠᠨ ᠤᠯᠤᠰ ᠤᠨ ᠤᠷᠤᠯᠳᠤᠭᠠᠨ ᠤ ᠵᠤᠷᠰᠢᠯ ᠢᠶᠠᠷ᠂ | ᠪᠡᠶ᠎ᠡ ᠶᠢᠨ ᠥᠨᠳᠥᠷ ᠨᠢ 1.2 ᠮᠧᠲᠷ ᠠᠴᠠ ᠳᠡᠭᠡᠭᠰᠢᠬᠢ ︵ᠪᠠᠭᠲᠠᠨ᠎ᠠ︶ ᠬᠡᠦᠬᠡᠳ ᠡᠷᠬᠡᠪᠰᠢ ᠪᠢᠯᠧᠲ ᠢᠶᠠᠷ ᠲᠠᠯᠠᠪᠠᠶ ᠳᠤ | ᠣᠷᠣᠬᠤ ᠬᠡᠷᠡᠭᠲᠡᠢ ᠪᠥᠭᠡᠳ ᠨᠠᠰᠤᠨ ᠳᠤ ᠭᠦᠷᠦᠭᠰᠡᠳ ᠤᠨ ᠪᠠᠷ᠎ᠠ ᠪᠤᠯᠤᠯᠭ᠎ᠠ ᠲᠠᠢ ᠪᠠᠶᠢᠬᠤ ᠭᠡᠷᠡᠭᠲᠡᠢ;ᠪᠡᠶ᠎ᠡ ᠶᠢᠨ | ᠥᠨᠳᠥᠷ ᠨᠢ 1.2 ᠮᠧᠲᠷ ᠠᠴᠠ ᠳᠣᠷᠣᠭᠰᠢᠬᠢ ᠬᠡᠦᠬᠡᠳ ᠲᠤ ᠬᠠᠤᠯᠢ ᠪᠠᠷ ᠲᠣᠭᠲᠠᠭᠠᠭᠰᠠᠨ ᠲᠥᠯᠥᠭᠡᠯᠡᠭᠴᠢ ᠨᠢ | ᠪᠢᠯᠧᠲ ᠠᠪᠴᠤ ᠪᠠᠷ᠎ᠠ ᠪᠤᠯᠬᠤ ᠪᠥᠭᠡᠳ ᠨᠢᠭᠡ ᠰᠠᠭᠤᠳᠠᠯ ᠢ ᠬᠠᠮᠲᠤ ᠪᠠᠷ ᠡᠳ᠋ᠯᠡᠨ᠎ᠡ᠂ ᠬᠠᠤᠯᠢ ᠪᠠᠷ ᠲᠣᠭᠲᠠᠭᠠᠭᠰᠠᠨ | ᠨᠢᠭᠡ ᠲᠥᠯᠥᠭᠡᠯᠡᠭᠴᠢ ᠨᠢ ᠵᠥᠪᠭᠡᠨ ᠪᠢᠯᠧᠲ ᠠᠴᠠ ᠬᠡᠯᠲᠦᠷᠢᠭᠦᠯᠦᠭᠰᠡᠨ ᠨᠢᠭᠡ ᠬᠡᠦᠬᠡᠳ ᠲᠤ ᠪᠠᠷ᠎ᠠ ᠪᠤᠯᠬᠤ ᠶᠢ | ᠵᠥᠪᠰᠢᠶᠡᠷᠡᠨ᠎ᠡ᠃ | | | ᠲᠠᠪᠤ᠂ ᠡᠭᠦᠳᠡᠨ ᠪᠢᠯᠧᠲ ᠢ ᠬᠤᠳᠠᠯᠳᠤᠨ ᠠᠪᠬᠤ ᠲᠤᠭ᠎ᠠ ᠬᠡᠮᠵᠢᠶ᠎ᠡ ᠨᠢ ᠬᠢᠵᠠᠭᠠᠷᠯᠠᠯ ᠲᠠᠢ ᠤᠤ︖ | ᠬᠦᠴᠦᠨ ᠪᠦᠬᠦᠢ 1 ᠦᠨᠡᠮᠯᠡᠯ ᠢᠶᠠᠷ ᠵᠥᠪᠭᠡᠨ ᠠᠳᠠᠯᠢ ᠨᠢᠭᠡᠨ ᠪᠢᠯᠧᠲ ᠬᠤᠳᠠᠯᠳᠤᠬᠤ ᠲᠠᠯᠠᠪᠤᠷ | ᠤᠳᠠᠭ᠎ᠠ ᠶᠢᠨ 1 ᠪᠢᠯᠧᠲ ᠬᠤᠳᠠᠯᠳᠤᠨ ᠠᠪᠴᠤ ᠪᠣᠯᠣᠨ᠎ᠠ᠂ ᠭᠠᠭᠴᠠ ᠤᠳᠠᠭ᠎ᠠ ᠶᠢᠨ ᠵᠠᠬᠢᠶᠠᠯᠠᠭ᠎ᠠ ᠶᠢᠨ | ᠬᠠᠭᠤᠳᠠᠰᠤ ᠳᠤ 5 ᠪᠢᠯᠧᠲ ᠬᠤᠳᠠᠯᠳᠤᠨ ᠠᠪᠬᠤ ᠪᠠᠷ ᠬᠢᠵᠠᠭᠠᠷᠯᠠᠨ᠎ᠠ᠃ | | | ᠵᠢᠷᠭᠤᠭ᠎ᠠ᠂ ᠬᠠᠮᠢᠭ᠎ᠠ ᠠᠴᠠ ᠪᠢᠯᠧᠲ ᠤᠨ ᠶᠠᠪᠤᠳᠠᠯ ᠤᠨ ᠬᠤᠯᠪᠣᠭᠳᠠᠯ ᠪᠦᠬᠦᠢ ᠠᠰᠠᠭᠤᠳᠠᠯ ᠢ ᠠᠰᠠᠭᠤᠨ | ᠯᠠᠪᠯᠠᠵᠤ ᠪᠤᠯᠬᠤ ᠪᠤᠶ︖ | ᠣᠯᠠᠨ ᠨᠡᠶᠢᠲᠡ ᠶᠢᠨ ᠠᠵᠢᠯᠯᠠᠬᠤ ᠴᠠᠭ ︵ᠦᠳᠡ ᠶᠢᠨ ᠡᠮᠦᠨᠡᠬᠢ 9᠄ 00 ︱ 12᠄ 00 ᠦᠳᠡ ᠶᠢᠨ | ᠬᠤᠶᠢᠨᠠᠬᠢ 14᠄ 00 ︱ 17᠄ 00︶ ᠲᠤ ᠬᠥᠯᠥᠨ ᠪᠤᠶᠢᠷ ᠤᠨ ᠪᠢᠯᠧᠲ ᠤᠨ ᠶᠠᠪᠤᠳᠠᠯ ᠤᠨ ᠠᠯᠪᠠᠨ ᠤ ᠲᠠᠯ᠎ᠠ ᠶᠢᠨ | ᠠᠰᠠᠭᠤᠨ ᠯᠠᠪᠯᠠᠬᠤ ᠬᠠᠯᠠᠮᠰᠢᠯ ᠤᠲᠠᠰᠤ︵0470 ︱ 8210052 ᠪᠤᠶᠤ 13694706953︶ ᠳᠤ | ᠤᠲᠠᠰᠤᠳᠠᠵᠤ ᠬᠠᠮᠢᠶ᠎ᠠ ᠪᠦᠬᠦᠢ ᠮᠡᠳᠡᠭᠡ ᠵᠠᠩᠭᠢ ᠶᠢ ᠠᠰᠠᠭᠤᠨ ᠯᠠᠪᠯᠠᠵᠤ ᠪᠣᠯᠣᠨ᠎ᠠ᠃ | | | ᠳᠣᠯᠤᠭ᠎ᠠ᠂ ᠨᠠᠰᠤᠲᠠᠶᠢᠴᠤᠳ ᠬᠡᠷᠬᠢᠨ ᠪᠢᠯᠧᠲ ᠬᠤᠳᠠᠯᠳᠤᠨ ᠠᠪᠬᠤ ᠪᠤᠶ︖ | ᠪᠢᠳᠡ ᠲᠠᠯᠠᠪᠤᠷ ᠳᠣᠲᠣᠷᠠᠬᠢ ᠪᠢᠯᠧᠲ ᠬᠤᠳᠠᠯᠳᠤᠬᠤ ᠮᠤᠬᠤᠯᠠᠭ ᠵᠢᠴᠢ ᠰᠦᠯᠵᠢᠶᠡᠨ ᠭᠠᠳᠠᠨᠠᠬᠢ ᠳᠡᠯᠭᠡᠭᠦᠷ ᠤᠨ | ᠣᠷᠣᠯᠠᠨ ᠬᠤᠳᠠᠯᠳᠤᠬᠤ ᠴᠡᠭ ᠭᠠᠷᠭᠠᠵᠤ᠂ ᠰᠦᠯᠵᠢᠶᠡᠨ ᠳᠡᠭᠡᠷᠡᠬᠢ ᠪᠢᠯᠧᠲ ᠬᠤᠳᠠᠯᠳᠤᠨ ᠠᠪᠬᠤ ᠠᠷᠭ᠎ᠠ ᠵᠠᠮ ᠤᠨ | ᠨᠥᠬᠦᠪᠦᠷᠢ ᠪᠣᠯᠭᠠᠨ᠎ᠠ᠃ | | | ᠨᠠᠢᠮᠠ᠂︽ᠠᠷᠪᠠᠨ ᠳᠥᠷᠪᠡᠳᠦᠭᠡᠷ ᠡᠪᠦᠯ ᠤᠨ ᠴᠤᠭᠯᠠᠭᠠᠨ︾ ᠤ ᠬᠤᠭᠤᠴᠠᠭᠠᠨ ᠳᠤ ᠴᠠᠭᠠᠰᠤᠨ ᠪᠢᠯᠧᠲ | ᠬᠠᠩᠭᠠᠬᠤ ᠶᠤᠮ ᠤᠤ᠂ ᠡᠯᠧᠺᠲᠷᠣᠨ ᠪᠢᠯᠧᠲ ᠬᠠᠩᠭᠠᠬᠤ ᠶᠤᠮ ᠤᠤ︖ | ᠦᠵᠡᠭᠴᠢᠳ︽ᠠᠷᠪᠠᠨ ᠳᠥᠷᠪᠡᠳᠦᠭᠡᠷ ᠡᠪᠦᠯ ᠤᠨ ᠴᠤᠭᠯᠠᠭᠠᠨ︾ ᠤ ᠡᠭᠦᠳᠡᠨ ᠪᠢᠯᠧᠲ ᠬᠤᠳᠠᠯᠳᠤᠨ | ᠠᠪᠬᠤ ᠳᠠᠭᠠᠨ ᠴᠥᠮ ᠴᠠᠭᠠᠰᠤᠨ ᠪᠢᠯᠧᠲ ᠪᠤᠶᠤ ᠡᠯᠧᠺᠲᠷᠣᠨ ᠪᠢᠯᠧᠲ ᠢ ᠥᠪᠡᠰᠦᠪᠡᠨ ᠰᠣᠩᠭᠤᠵᠤ ᠪᠣᠯᠣᠨ᠎ᠠ᠂ | ᠪᠣᠬᠢᠷᠳᠤᠯ ᠦᠭᠡᠢ ᠪᠠᠷ ᠤᠷᠤᠯᠳᠤᠭᠠᠨ ᠡᠷᠭᠢᠯᠡᠭᠦ ᠣᠶᠢᠯᠠᠭᠠᠭᠳᠠᠬᠤᠨ ᠠᠴᠠ ᠡᠭᠦᠰᠴᠦ᠂ ᠡᠯᠧᠺᠲᠷᠣᠨ ᠪᠢᠯᠧᠲ ᠢ | ᠬᠡᠷᠡᠭᠯᠡᠬᠦ ᠶᠢ ᠤᠷᠢᠶᠠᠯᠠᠵᠤ ᠪᠠᠶᠢᠨ᠎ᠠ᠃ | | | ᠶᠢᠰᠦ᠂ ︽ᠠᠷᠪᠠᠨ ᠳᠥᠷᠪᠡᠳᠦᠭᠡᠷ ᠡᠪᠦᠯ ᠤᠨ ᠴᠤᠭᠯᠠᠭᠠᠨ︾ ᠤ ᠰᠦᠯᠵᠢᠶᠡᠨ ᠳᠡᠭᠡᠷ᠎ᠡ ᠪᠢᠯᠧᠲ ᠬᠤᠳᠠᠯᠳᠤᠨ | ᠠᠪᠬᠤ ᠳᠤ ᠡᠷᠬᠡᠪᠰᠢ ᠴᠠᠭᠠᠰᠤᠨ ᠪᠢᠯᠧᠲ ᠰᠣᠯᠢᠵᠤ ᠠᠪᠴᠤ ᠲᠠᠯᠠᠪᠠᠶ ᠳᠤ ᠣᠷᠣᠬᠤ ᠬᠡᠷᠡᠭᠲᠡᠢ ᠤᠤ︖ | ᠣᠯᠠᠨ ᠨᠡᠶᠢᠲᠡ ᠪᠠᠷ ᠢᠶᠠᠨ ᠵᠠᠬᠢᠶᠠᠯᠠᠭ᠎ᠠ ᠶᠢᠨ ᠬᠠᠭᠤᠳᠠᠰᠤ ᠪᠠᠨ ᠲᠤᠰᠢᠶᠠᠬᠤ ᠳᠠᠭᠠᠨ ᠲᠠᠯᠠᠪᠤᠷ ᠲᠤ ᠣᠷᠣᠬᠤ | ᠠᠷᠭ᠎ᠠ ᠮᠠᠶ᠋ᠢᠭ ᠢ ᠰᠣᠩᠭᠤᠵᠤ ᠪᠣᠯᠣᠨ᠎ᠠ᠂ ᠬᠡᠷᠪᠡ ᠡᠯᠧᠺᠲᠷᠣᠨ ᠪᠢᠯᠧᠲ ᠢ ᠰᠣᠩᠭᠤᠵᠤ ᠲᠠᠯᠠᠪᠤᠷ ᠲᠤ ᠣᠷᠣᠪᠠᠯ ᠳᠠᠷᠤᠢ | ᠬᠦᠴᠦᠨ ᠪᠦᠬᠦᠢ ᠡᠯᠧᠺᠲᠷᠣᠨ ᠬᠤᠶᠠᠷ ᠬᠡᠮᠵᠢᠯᠲᠦ ᠺᠣᠳ᠋ ᠢᠶᠠᠷ ᠲᠠᠯᠠᠪᠤᠷ ᠲᠤ ᠣᠷᠣᠵᠤ ᠪᠣᠯᠣᠨ᠎ᠠ᠂ ᠬᠡᠷᠪᠡ ᠴᠠᠭᠠᠰᠤᠨ | ᠪᠢᠯᠧᠲ ᠢ ᠰᠣᠩᠭᠤᠵᠤ ᠲᠠᠯᠠᠪᠤᠷ ᠲᠤ ᠣᠷᠣᠪᠠᠯ᠂ ᠲᠤᠬᠠᠢ ᠶᠢᠨ ᠲᠠᠯᠠᠪᠤᠷ ᠤᠨ ᠪᠢᠯᠧᠲ ᠬᠤᠳᠠᠯᠳᠤᠬᠤ ᠮᠤᠬᠤᠯᠠᠭ ᠲᠤ | ᠬᠦᠷᠴᠦ ᠬᠦᠴᠦᠨ ᠪᠦᠬᠦᠢ ᠡᠯᠧᠺᠲᠷᠣᠨ ᠬᠤᠶᠠᠷ ᠬᠡᠮᠵᠢᠯᠲᠦ ᠺᠣᠳ᠋ ᠢᠶᠠᠷ ᠴᠠᠭᠠᠰᠤᠨ ᠪᠢᠯᠧᠲ ᠰᠣᠯᠢᠵᠤ ᠠᠪᠤᠭᠰᠠᠨ ᠤ | ᠳᠠᠷᠠᠭ᠎ᠠ ᠲᠠᠯᠠᠪᠤᠷ ᠲᠤ ᠣᠷᠣᠵᠤ ᠪᠣᠯᠣᠨ᠎ᠠ᠃ | | | ᠠᠷᠪᠠ᠂ ᠡᠭᠦᠳᠡᠨ ᠪᠢᠯᠧᠲ ᠢ ᠬᠤᠳᠠᠯᠳᠤᠨ ᠠᠪᠤᠪᠠᠯ ᠪᠤᠴᠠᠭᠠᠵᠤ ᠰᠣᠯᠢᠵᠤ ᠪᠤᠯᠬᠤ ᠤᠤ︖ | ︽ᠠᠷᠪᠠᠨ ᠳᠥᠷᠪᠡᠳᠦᠭᠡᠷ ᠡᠪᠦᠯ ᠤᠨ ᠴᠤᠭᠯᠠᠭᠠᠨ︾ ᠤ ᠡᠭᠦᠳᠡᠨ ᠪᠢᠯᠧᠲ ᠢ ᠬᠤᠳᠠᠯᠳᠤᠨ ᠠᠪᠤᠭᠰᠠᠨ ᠤ | ᠳᠠᠷᠠᠭ᠎ᠠ᠂ ︽ᠠᠷᠪᠠᠨ ᠳᠥᠷᠪᠡᠳᠦᠭᠡᠷ ᠡᠪᠦᠯ ᠤᠨ ᠴᠤᠭᠯᠠᠭᠠᠨ︾ ᠤ ᠡᠭᠦᠳᠡᠨ ᠪᠢᠯᠧᠲ ᠢ ᠠᠰᠲᠠᠭᠠᠨ ᠲᠣᠭᠲᠠᠭᠠᠯ ᠲᠠᠢ | ᠪᠤᠶᠤ ᠤᠷᠤᠯᠳᠤᠭᠠᠨ ᠢ ᠬᠦᠴᠦᠨ ᠦᠭᠡᠢ ᠪᠤᠯᠭᠠᠬᠰᠠᠨ ᠠᠴᠠ ᠪᠤᠰᠤᠳ ᠢ ᠨᠢ ᠴᠥᠮ ᠪᠤᠴᠠᠭᠠᠵᠤ ᠰᠣᠯᠢᠵᠤ ᠪᠤᠯᠬᠤ | ᠦᠭᠡᠢ᠃ ᠬᠡᠷᠪᠡ ᠤᠷᠤᠯᠳᠤᠭᠠᠨ ᠢ ᠬᠦᠴᠦᠨ ᠦᠭᠡᠢ ᠪᠤᠯᠭᠠᠬᠤ ᠳᠤ ᠭᠦᠷᠪᠡᠯ᠂ ᠪᠢᠯᠧᠲ ᠲᠠᠢ ᠦᠵᠡᠭᠴᠢᠳ ᠪᠢᠯᠧᠲ | ᠪᠤᠴᠠᠭᠠᠬᠤ ᠭᠤᠶᠤᠴᠢᠯᠠᠯ ᠢᠶᠠᠨ ᠰᠦᠯᠵᠢᠶᠡᠨ ᠳᠡᠭᠡᠷ᠎ᠡ ᠲᠤᠰᠢᠶᠠᠬᠤ ᠴᠢᠬᠤᠯᠠ ᠦᠭᠡᠢ᠂ ᠬᠥᠯᠥᠨ ᠪᠤᠶᠢᠷ ᠤᠨ | ᠤᠷᠤᠯᠳᠤᠭᠠᠨ ᠤ ᠲᠣᠭᠤᠷᠢᠭ ᠠᠴᠠ ᠪᠢᠯᠧᠲ ᠪᠤᠴᠠᠭᠠᠬᠤ ᠶᠠᠪᠤᠳᠠᠯ ᠢ ᠨᠢᠭᠡᠳᠦᠯᠲᠡᠢ ᠲᠣᠬᠢᠷᠠᠭᠤᠯᠤᠨ᠎ᠠ᠂ ᠴᠠᠭᠠᠰᠤᠨ | ᠪᠢᠯᠧᠲ ᠢ ᠢᠯᠡᠭᠡᠬᠦ ᠴᠢᠬᠤᠯᠠ ᠦᠭᠡᠢ᠂ ᠡᠯᠧᠺᠲᠷᠣᠨ ᠪᠢᠯᠧᠲ ᠢ ᠰᠦᠯᠵᠢᠶᠡᠨ ᠳᠡᠭᠡᠷ᠎ᠡ ᠬᠦᠴᠦᠨ ᠦᠭᠡᠢ ᠪᠣᠯᠭᠠᠨ᠎ᠠ᠂ | ᠪᠤᠰᠤᠳ ᠤᠷᠤᠯᠳᠤᠭᠠᠨ ᠤ ᠲᠠᠯᠠᠪᠤᠷ ᠤᠨ ᠪᠢᠯᠧᠲ ᠢ ᠰᠣᠯᠢᠬᠤ ᠪᠠᠷ ᠱᠠᠭᠠᠷᠳᠠᠵᠤ ᠪᠤᠯᠬᠤ ᠦᠭᠡᠢ᠃ | | | ᠠᠷᠪᠠᠨ ᠨᠢᠭᠡ᠂ ᠰᠦᠯᠵᠢᠶᠡᠨ ᠳᠡᠭᠡᠷ᠎ᠡ ᠪᠢᠯᠧᠲ ᠬᠤᠳᠠᠯᠳᠤᠬᠤ ᠶᠢ ᠬᠡᠵᠢᠶ᠎ᠡ ᠵᠣᠭᠰᠤᠭᠠᠬᠤ ᠪᠤᠢ︖ | ᠪᠢᠯᠧᠲ ᠤᠨ ᠶᠠᠪᠤᠳᠠᠯ ᠤᠨ ᠲᠥᠰᠥᠯ ᠤᠨ ᠱᠠᠭᠠᠷᠳᠠᠯᠭ᠎ᠠ ᠶᠣᠰᠣᠭᠠᠷ ᠰᠦᠯᠵᠢᠶᠡᠨ ᠳᠡᠭᠡᠷ᠎ᠡ ᠪᠢᠯᠧᠲ | ᠬᠤᠳᠠᠯᠳᠤᠬᠤ ᠡᠴᠦᠰ ᠤᠨ ᠴᠠᠭ ᠨᠢ ᠤᠷᠤᠯᠳᠤᠭᠠᠨ ᠡᠬᠢᠯᠡᠬᠦ ᠠᠴᠠ ᠡᠮᠦᠨᠡᠬᠢ 72 ᠴᠠᠭ ᠪᠣᠯᠣᠨ᠎ᠠ᠃ | | | ᠢᠷᠡᠯᠲᠡ᠄ ︽ᠬᠥᠯᠥᠨ ᠪᠤᠶᠢᠷ ᠤᠨ ᠠᠷᠪᠠᠨ ᠳᠥᠷᠪᠡᠳᠦᠭᠡᠷ ᠡᠪᠦᠯ ᠤᠨ ᠴᠤᠭᠯᠠᠭᠠᠨ ᠤ ᠵᠠᠬ᠎ᠠ ᠳᠡᠯᠭᠡᠭᠦᠷ ᠤᠨ | ᠨᠡᠭᠡᠭᠡᠨ ᠬᠥᠭᠵᠢᠭᠦᠯᠦᠯᠲᠡ ᠶᠢᠨ ᠬᠢᠵᠠᠭᠠᠷᠲᠤ ᠺᠤᠮᠫᠠᠨᠢ︾ ᠶᠢᠨ ᠠᠯᠪᠠᠨ ᠵᠢᠷᠭᠢᠶ᠎ᠡ | |