ᠰᠠᠶᠢᠬᠠᠨ ᠲᠣᠭᠤᠷᠢᠭ ᠤᠨ ᠭᠧᠦ ᠺᠸᠦᠽᠢ  ᠠᠴᠠ ᠳ᠋ᠦᠩ ᠭᠧᠦ ᠠᠶᠢᠯ ᠬᠦᠷᠬᠦ ᠵᠠᠮ ᠨᠡᠪᠲᠡᠷᠡᠯᠭᠡ ᠶᠢᠨ ᠲᠤᠬᠠᠢ ᠠᠯᠪᠠᠨ ᠵᠠᠷ
ᠨᠡᠶᠢᠲᠡᠯᠡᠭᠰᠡᠨ ᠴᠠᠭ᠄
2024/1/19
     ᠭᠧᠦ ᠺᠧᠦ ᠠᠴᠠ ᠳ᠋ᠦᠩ ᠭᠧᠦ ᠠᠶᠢᠯ ᠬᠦᠷᠬᠦ ᠵᠠᠮ ᠨᠢ ᠤᠤᠯ ᠳᠤ ᠪᠠᠨ ᠭᠤᠣᠯ ᠳᠠᠭᠠᠤ ᠪᠠᠶᠢᠭᠠᠯᠢ ᠶᠢᠨ ᠵᠠᠮ ᠪᠠᠶᠢᠪᠠ᠃ ᠲᠤᠰ ᠵᠢᠯ ᠳᠤ WO5 ᠳ᠋ᠦᠩ ᠭᠧᠦ ᠶᠢᠨ ᠨᠢᠭᠡ ᠭᠤᠤ ᠶᠢᠨ ᠠᠮᠠ ᠬᠦᠷᠬᠦ ᠱᠤᠭᠤᠮ ᠢ ᠴᠤᠭᠯᠠᠭᠤᠯᠬᠤ ᠦᠶ᠎ᠡ ᠳᠤ᠂ ᠳ᠋ᠦᠩ ᠭᠧᠦ ᠶᠢᠨ ᠠᠶᠢᠯ ᠲᠣᠰᠬᠤᠨ ᠳᠤ ᠪᠠᠰᠠ ᠤᠯᠠᠨ ᠡᠷᠦᠬᠡ ᠰᠠᠭᠤᠭᠠᠯᠢ ᠠᠷᠠᠳ ᠰᠠᠭᠤᠵᠤ ᠪᠠᠶᠢᠭᠰᠠᠨ ᠪᠣᠯᠬᠤᠷ ᠨᠡᠯᠢᠶᠡᠳ ᠶᠡᠭᠡ ᠬᠡᠪᠴᠢᠶᠡᠨ ᠤ ᠠᠶᠢᠯ ᠲᠣᠰᠬᠤᠨ ᠳᠤ ᠮᠡᠳᠡᠭᠦᠯᠪᠡ᠃ ᠳ᠋ᠦᠩ ᠭᠧᠦ ᠠᠶᠢᠯ ᠲᠣᠰᠬᠤᠨ ᠵᠠᠰᠠᠭ ᠵᠠᠬᠢᠷᠭᠠᠨ ᠤ ᠲᠣᠰᠬᠤᠨ ᠠᠴᠠ ᠬᠤᠯᠠ ᠵᠠᠶᠢᠯᠠᠵᠤ᠂ ᠤᠯᠠᠨ ᠲᠦᠮᠡᠨ ᠤ ᠠᠮᠢᠳᠤᠷᠠᠯ ᠳᠤ ᠳᠥᠭᠦᠮ ᠦᠭᠡᠢ ᠠᠴᠠ ᠪᠣᠯᠵᠤ᠂ ᠣᠶᠢᠷ᠎ᠠ ᠶᠢᠨ ᠬᠡᠳᠦᠨ ᠵᠢᠯ ᠳᠤ ᠳ᠋ᠦᠩ ᠭᠧᠦ ᠠᠶᠢᠯ ᠲᠣᠰᠬᠤᠨ ᠤ ᠠᠷᠠᠳ ᠦᠨᠳᠦᠰᠦᠨ ᠳᠡᠭᠡᠨ ᠵᠠᠰᠠᠭ ᠵᠠᠬᠢᠷᠭᠠᠨ ᠤ ᠲᠣᠰᠬᠤᠨ ᠠᠴᠠ ᠨᠡᠯᠢᠶᠡᠳ ᠣᠶᠢᠷᠠᠬᠠᠨ ᠪᠠᠶᠢᠭ᠎ᠠ ᠬᠤᠤ ᠵᠢᠶᠠ ᠶᠣᠣ ᠳᠤ ᠨᠡᠭᠦᠵᠦ ᠣᠴᠢᠵᠤ᠂ ᠠᠶᠢᠯ ᠲᠣᠰᠬᠤᠨ ᠠᠴᠠ ᠳ᠋ᠦᠩ ᠭᠧᠦ ᠠᠶᠢᠯ ᠲᠣᠰᠬᠤᠨ ᠳᠤ ᠬᠦᠷᠲᠡᠯ᠎ᠡ ᠨᠢᠭᠡᠨᠲᠡ ᠤᠳᠬ᠎ᠠ ᠠᠭᠤᠯᠭ᠎ᠠ ᠦᠭᠡᠢ ᠪᠣᠯᠵᠠᠢ᠂ ᠡᠨᠡ ᠵᠢᠯ ᠠᠶᠢᠯ ᠲᠣᠰᠬᠤᠨ ᠳᠤ ᠨᠡᠪᠲᠡᠷᠡᠬᠦ ᠵᠠᠮ ᠵᠥᠪᠬᠡᠨ ᠲᠥᠯᠥᠪᠯᠡᠭᠡ ᠵᠢᠴᠢ ᠯᠠᠮᠠ ᠶᠢᠨ ᠠᠶᠢᠯ -- ᠬᠤᠤ ᠵᠢᠶᠠ ᠶᠣᠣ ᠶᠢᠨ ᠬᠡᠰᠡᠭ ᠤᠨ 2.16 ᠺᠢᠯᠣᠮᠧᠲᠷ ᠤᠨ ᠪᠠᠶᠢᠭᠠᠯᠢᠯᠢᠭ ᠲᠣᠰᠬᠤᠨ ᠳᠤ ᠨᠡᠪᠲᠡᠷᠡᠪᠡ᠃ ᠮᠠᠨ ᠤ ᠲᠣᠪᠴᠢᠶ᠎ᠠ ᠲᠤᠰ ᠵᠠᠮ ᠤᠨ ᠬᠡᠰᠡᠭ ᠲᠤ ᠨᠢᠭᠡᠨᠲᠡ ᠨᠡᠪᠲᠡᠷᠡᠵᠦ ᠨᠡᠢᠲᠡᠯᠡᠪᠡ᠃                                   ᠰᠠᠶᠢᠬᠠᠨ ᠲᠣᠭᠤᠷᠢᠭ ᠤᠨ ᠠᠷᠠᠳ ᠤᠨ ᠶᠠᠪᠤᠳᠠᠯ ᠤᠨ ᠲᠣᠪᠴᠢᠶ᠎ᠠ                                    2024 ᠣᠨ ᠤ 1 ᠰᠠᠷ᠎ᠠ ᠶᠢᠨ 9      ᠢᠷᠡᠯᠲᠡ᠄  ᠰᠠᠶᠢᠬᠠᠨ ᠲᠣᠭᠤᠷᠢᠭ ᠤᠨ ᠠᠷᠠᠳ ᠤᠨ ᠵᠠᠰᠠᠭ ᠤᠨ ᠣᠷᠳᠤᠨ ᠤ ᠠᠯᠪᠠᠨ ᠰᠦᠯᠵᠢᠶ᠎ᠡ
 
ᠢᠷᠡᠯᠲᠡ᠄ ᠰᠠᠶᠢᠬᠠᠨ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10000440号