| | ᠯᠦᠩ ᠮᠠ ᠪᠦᠯᠦᠭᠯᠡᠯ ᠢᠶᠠᠷ ᠠᠵᠤ ᠦᠢᠯᠡᠰ ᠤᠨ ᠬᠡᠯᠬᠢᠶ᠎ᠡ ᠶᠢᠨ ᠭᠤᠣᠯᠯᠠᠬᠤ ᠠᠵᠤ ᠠᠬᠤᠶᠢᠯᠠᠯ ᠪᠤᠯᠭᠠᠬᠰᠠᠨ | 6 ᠶᠡᠭᠡ ᠬᠡᠰᠡᠭ ᠤᠨ 20 ᠭᠤᠣᠯᠳᠠᠯᠭ᠎ᠠ ᠲᠠᠢ ᠲᠦᠷᠦᠯ ᠵᠦᠢᠯ ᠪᠦᠭᠦᠨ ᠢᠶᠠᠷ ᠢᠶᠠᠨ ᠪᠠᠷᠢᠯᠭ᠎ᠠ ᠡᠬᠢᠯᠡᠵᠦ᠂ ᠰᠠᠯᠬᠢᠨ | ᠬᠦᠴᠦ ᠪᠠᠷ ᠴᠠᠭᠢᠯᠭᠠᠨ ᠭᠠᠷᠭᠠᠬᠤ ᠲᠣᠨᠣᠭᠯᠠᠯ ᠦᠢᠯᠡᠳᠬᠦ ᠪᠦᠷᠢᠨ ᠪᠦᠲᠦᠨ ᠠᠵᠤ ᠦᠢᠯᠡᠰ ᠤᠨ ᠬᠡᠯᠬᠢᠶ᠎ᠡ ᠶᠢ | ᠢᠳᠡᠭ ᠢᠳᠡᠭ ᠢᠶᠠᠷ ᠪᠦᠷᠢᠯᠳᠦᠭᠦᠯᠪᠡ ᠁ ᠣᠶᠢᠷ᠎ᠠ ᠶᠢᠨ ᠵᠢᠯ ᠳᠤ ᠲᠦᠩᠯᠢᠶᠣᠣ ᠬᠤᠳᠠ ᠰᠠᠯᠬᠢᠨ ᠬᠦᠴᠦᠨ ᠤ | ᠴᠠᠭᠢᠯᠭᠠᠨ ᠵᠡᠷᠭᠡ ᠰᠢᠨ᠎ᠡ ᠡᠨᠧᠷᠭᠢ ᠶᠢᠨ ᠠᠵᠤ ᠦᠢᠯᠡᠰ ᠤᠨ ᠬᠥᠭᠵᠢᠯᠲᠡ ᠶᠢᠨ ᠠᠵᠠ ᠳᠤᠭᠢᠶᠠᠯ ᠢ ᠡᠵᠡᠮᠳᠡᠨ᠂ | ᠬᠤᠷᠴᠢᠨ ᠲᠣᠭᠤᠷᠢᠭ ᠲᠤ ᠥᠪᠥᠷ ᠮᠣᠩᠭᠤᠯ ᠤᠨ ᠵᠡᠭᠦᠨ ᠪᠡᠶ᠎ᠡ ︵ᠲᠦᠩᠯᠢᠶᠣᠣ︶ ᠶᠢᠨ ᠰᠠᠯᠬᠢᠨ ᠬᠦᠴᠦ ᠪᠠᠷ | ᠴᠠᠭᠢᠯᠭᠠᠨ ᠭᠠᠷᠭᠠᠬᠤ ᠲᠣᠨᠣᠭᠯᠠᠯ ᠦᠢᠯᠡᠳᠬᠦ ᠠᠵᠤ ᠦᠢᠯᠡᠰ ᠤᠨ ᠰᠠᠭᠤᠷᠢᠨ ᠢ ᠲᠥᠯᠥᠪᠵᠢᠭᠦᠯᠦᠨ ᠪᠠᠶᠢᠭᠤᠯᠵᠤ᠂ | ᠤᠯᠤᠰ ᠤᠨ ᠳᠣᠲᠣᠭᠠᠳᠤ ᠶᠢᠨ ᠡᠬᠡ ᠬᠠᠭᠤᠷᠠᠢ ᠶᠢᠨ ᠰᠠᠯᠬᠢᠨ ᠬᠦᠴᠦ ᠪᠠᠷ ᠴᠠᠭᠢᠯᠭᠠᠨ ᠭᠠᠷᠭᠠᠬᠤ ᠲᠣᠨᠣᠭᠯᠠᠯ | ᠦᠢᠯᠡᠳᠬᠦ ᠣᠷᠣᠨ ᠪᠦᠰᠡ ᠶᠢᠨ ᠲᠥᠪ᠂ ᠪᠦᠭᠦ ᠪᠥᠮᠪᠥᠷᠴᠡᠭ ᠤᠨ ᠬᠠᠮᠤᠭ ᠤᠨ ᠲᠣᠮᠣ ᠡᠬᠡ ᠬᠠᠭᠤᠷᠠᠢ ᠶᠢᠨ ᠰᠠᠯᠬᠢᠨ | ᠬᠦᠴᠦ ᠪᠠᠷ ᠴᠠᠭᠢᠯᠭᠠᠨ ᠭᠠᠷᠭᠠᠬᠤ ᠲᠣᠨᠣᠭᠯᠠᠯ ᠤᠨ ᠠᠵᠤ ᠦᠢᠯᠡᠰ ᠤᠨ ᠰᠠᠭᠤᠷᠢᠨ ᠢ ᠬᠦᠴᠦᠯᠡᠨ ᠪᠠᠶᠢᠭᠤᠯᠵᠤ | ᠪᠠᠶᠢᠨ᠎ᠠ᠃ | | | ᠲᠦᠩᠯᠢᠶᠣᠣ ᠬᠤᠳᠠ ᠪᠣᠯ ᠥᠪᠡᠷᠲᠡᠭᠡᠨ ᠵᠠᠰᠠᠬᠤ ᠣᠷᠣᠨ ᠤ ᠤᠳᠤ ᠦᠶ᠎ᠡ ᠶᠢᠨ ᠡᠨᠧᠷᠭᠢ ᠶᠢᠨ ᠠᠵᠤ ᠠᠬᠤᠢ | ᠶᠢᠨ ᠵᠢᠱᠢᠶ᠎ᠡ ᠦᠵᠡᠭᠦᠯᠭᠦ ᠬᠤᠳᠠ᠂ ᠪᠦᠭᠦ ᠣᠷᠣᠨ ᠤ ᠭᠤᠣᠯᠳᠠᠯᠭ᠎ᠠ ᠲᠠᠢ ᠲᠥᠯᠥᠪᠵᠢᠭᠦᠯᠦᠨ ᠪᠠᠶᠢᠷᠢᠰᠢᠭᠤᠯᠵᠤ | ᠪᠠᠶᠢᠭ᠎ᠠ ᠰᠠᠯᠬᠢᠨ ᠬᠦᠴᠦ ᠪᠠᠷ ᠴᠠᠭᠢᠯᠭᠠᠨ ᠭᠠᠷᠭᠠᠬᠤ ᠲᠣᠨᠣᠭᠯᠠᠯ ᠦᠢᠯᠡᠳᠬᠦ ᠰᠠᠭᠤᠷᠢᠨ ᠤ ᠨᠢᠭᠡ ᠪᠣᠯᠣᠨ᠎ᠠ᠃ ᠪᠦᠭᠦ | ᠬᠤᠳᠠ ᠶᠢᠨ ᠨᠡᠭᠡᠭᠡᠨ ᠠᠰᠢᠭᠯᠠᠵᠤ ᠪᠤᠯᠬᠤ ᠰᠠᠯᠬᠢᠨ ᠡᠨᠧᠷᠭᠢ 1600 ᠲᠦᠮᠡᠨ ᠺᠢᠯᠣᠸᠠᠲ ᠲᠤ ᠭᠦᠷᠦᠭᠰᠡᠨ | ᠪᠥᠭᠡᠳ ᠰᠠᠯᠬᠢᠨ ᠤ ᠴᠢᠭᠯᠡᠯ ᠨᠢ ᠲᠣᠭᠲᠠᠭᠤᠨ᠂ ᠰᠠᠯᠬᠢᠯᠠᠬᠤ ᠴᠠᠭ ᠨᠢ ᠤᠷᠳᠤ᠂ ᠡᠪᠳᠡᠯᠡᠭᠡ ᠶᠢᠨ ᠴᠢᠨᠠᠷᠲᠠᠢ ᠶᠡᠭᠡ | ᠰᠠᠯᠬᠢ ᠪᠠᠷᠤᠭ ᠭᠠᠷᠳᠠᠭ ᠦᠭᠡᠢ ᠪᠣᠯᠬᠤᠷ ᠰᠠᠯᠬᠢᠨ ᠬᠦᠴᠦᠨ ᠤ ᠴᠠᠭᠢᠯᠭᠠᠨ ᠢ ᠨᠡᠭᠡᠭᠡᠨ ᠠᠰᠢᠭᠯᠠᠬᠤ ᠳᠠᠯᠳᠠ | ᠬᠦᠴᠦᠨ ᠢᠶᠠᠷ ᠯᠤᠲᠤ ᠶᠡᠭᠡ ᠶᠤᠮ᠃ ᠱᠠᠨᠳᠦ᠋ᠩ ᠤᠨ ᠯᠦᠩ ᠮᠠ ᠪᠦᠯᠦᠭᠯᠡᠯ ᠪᠣᠯ ᠤᠯᠤᠰ ᠤᠨ ᠳᠣᠲᠣᠭᠠᠳᠤ ᠶᠢᠨ | ᠴᠤᠷ ᠤᠨ ᠭᠠᠭᠴᠠ ᠰᠠᠯᠬᠢᠨ ᠬᠦᠴᠦ ᠪᠠᠷ ᠴᠠᠭᠢᠯᠭᠠᠨ ᠭᠠᠷᠭᠠᠬᠤ ᠲᠣᠨᠣᠭᠯᠠᠯ ᠢ ᠪᠦᠭᠦ ᠠᠵᠤ ᠠᠵᠤ ᠦᠢᠯᠡᠰ ᠤᠨ | ᠬᠡᠯᠬᠢᠶ᠎ᠡ ᠪᠠᠷ ᠦᠢᠯᠡᠳᠬᠦ ᠠᠵᠤ ᠠᠬᠤᠶᠢᠯᠠᠯ ᠪᠣᠯᠣᠨ᠎ᠠ᠃ ᠲᠦᠩᠯᠢᠶᠣᠣ ᠬᠤᠳᠠ 2020 ᠣᠨ ᠤ 3 ᠰᠠᠷ᠎ᠠ ᠳᠤ | ᠯᠦᠩ ᠮᠠ ᠪᠦᠯᠦᠭᠯᠡᠯ ᠢ ᠣᠷᠣᠭᠤᠯᠤᠨ ᠠᠪᠴᠢᠷᠠᠵᠤ᠂ ᠥᠪᠥᠷ ᠮᠣᠩᠭᠤᠯ ᠤᠨ ᠵᠡᠭᠦᠨ ᠪᠡᠶ᠎ᠡ ︵ᠲᠦᠩᠯᠢᠶᠣᠣ︶ ᠶᠢᠨ | ᠰᠠᠯᠬᠢᠨ ᠬᠦᠴᠦ ᠪᠠᠷ ᠴᠠᠭᠢᠯᠭᠠᠨ ᠭᠠᠷᠭᠠᠬᠤ ᠲᠣᠨᠣᠭᠯᠠᠯ ᠦᠢᠯᠡᠳᠬᠦ ᠠᠵᠤ ᠦᠢᠯᠡᠰ ᠤᠨ ᠰᠠᠭᠤᠷᠢᠨ ᠢ ᠪᠠᠶᠢᠭᠤᠯᠵᠤ | ᠡᠬᠢᠯᠡᠵᠡᠢ᠃ ᠲᠦᠩᠯᠢᠶᠣᠣ ᠬᠤᠳᠠ ᠶᠢᠨ ᠰᠠᠯᠬᠢᠨ ᠡᠨᠧᠷᠭᠢ ᠶᠢᠨ ᠡᠬᠢ ᠪᠠᠶᠠᠯᠢᠭ ᠡᠯᠪᠡᠭ᠂ ᠬᠤᠳᠠᠯᠳᠤᠭ᠎ᠠ ᠡᠷᠭᠢᠯᠡᠭᠦ | ᠣᠷᠴᠢᠨ ᠨᠥᠬᠦᠴᠡᠯ ᠰᠠᠶᠢᠨ᠂ ᠢᠷᠡᠭᠡᠳᠦᠢ ᠶᠢᠨ ᠬᠥᠭᠵᠢᠯᠲᠡ ᠶᠢᠨ ᠠᠵᠠ ᠳᠤᠭᠢᠶᠠᠯ ᠮᠠᠰᠢ ᠰᠠᠶᠢᠨ ᠪᠠᠶᠢᠬᠤ ᠶᠢ | ᠠᠵᠢᠭᠰᠠᠨ ᠯᠦᠩ ᠮᠠ ᠪᠦᠯᠦᠭᠯᠡᠯ ᠡᠨᠡ ᠵᠢᠯ ᠤᠨ 6 ᠰᠠᠷ᠎ᠠ ᠳᠤ ᠶᠡᠷᠦᠩᠬᠡᠢ ᠭᠠᠵᠠᠷ ᠢᠶᠠᠨ ᠨᠢᠭᠡᠮᠦᠰᠦᠨ ᠲᠦᠩᠯᠢᠶᠣᠣ | ᠳᠤ ᠨᠡᠭᠦᠯᠭᠡᠨ ᠠᠪᠴᠢᠷᠠᠵᠤ᠂ ᠵᠢᠩᠬᠢᠨᠢ ᠪᠠᠷ ᠬᠤᠷᠴᠢᠨ ᠨᠤᠲᠤᠭ ᠲᠤ ᠨᠤᠲᠤᠭᠰᠢᠪᠠ᠃ | | | ︽ᠲᠦᠩᠯᠢᠶᠣᠣ ᠬᠤᠳᠠ ᠵᠡᠭᠦᠨ ᠬᠤᠶᠢᠲᠤ ᠶᠢᠨ ᠭᠤᠷᠪᠠᠨ ᠮᠤᠵᠢ ᠶᠢᠨ ᠵᠠᠮ ᠬᠠᠷᠢᠯᠴᠠᠭᠠᠨ ᠤ ᠬᠦᠢᠰᠦ ᠭᠠᠵᠠᠷ | ᠲᠤ ᠪᠠᠶᠢᠷᠢᠯᠠᠭᠰᠠᠨ ᠥᠪᠡᠷᠮᠢᠴᠡ ᠣᠷᠣᠨ ᠪᠠᠶᠢᠷᠢᠰᠢᠯ ᠤᠨ ᠳᠠᠪᠠᠭᠤᠯᠢᠭ ᠲᠠᠢ ᠶᠤᠮ᠃ ᠪᠢᠳᠡ ᠦᠢᠯᠡᠳᠬᠦᠨ ᠢᠶᠠᠨ | ᠬᠠᠷᠠᠮᠥ᠋ᠷᠡᠨ ᠭᠢᠷᠢᠨ ᠯᠢᠶᠤᠤᠨᠢᠩ ᠵᠡᠷᠭᠡ ᠰᠠᠯᠬᠢᠨ ᠬᠦᠴᠦᠨ ᠤ ᠴᠠᠭᠢᠯᠭᠠᠨ ᠤ ᠶᠡᠭᠡ ᠮᠤᠵᠢ ᠳᠤ ᠵᠡᠷᠭᠡ ᠪᠠᠷ | ᠪᠣᠷᠣᠯᠠᠭᠤᠯᠵᠤ ᠪᠣᠯᠣᠨ᠎ᠠ᠂ ᠢᠩᠭᠢᠬᠦ ᠳᠤ ᠵᠥᠭᠡᠭᠡᠪᠦᠷᠢᠯᠡᠬᠦ᠂ ᠪᠦᠲᠦᠭᠡᠨ ᠪᠠᠶᠢᠭᠤᠯᠬᠤ ᠪᠠ ᠠᠷᠠᠴᠢᠯᠠᠬᠤ ᠥᠪᠡᠷ ᠤᠨ | ᠦᠷᠳᠡᠭ ᠢ ᠴᠥᠮ ᠠᠷᠪᠢᠯᠠᠵᠤ ᠪᠣᠯᠣᠨ᠎ᠠ᠃ ᠠᠳᠡᠬᠢ ᠴᠠᠭᠢᠯᠭᠠᠨ ᠤ ᠦᠨ᠎ᠡ ᠶᠡᠷᠦᠳᠡᠭᠡᠨ 0.36 ᠲᠥᠭᠦᠷᠢᠭ ᠢ | ᠳᠠᠪᠠᠭ᠋ᠤ ᠦᠭᠡᠢ ᠪᠠᠶᠢᠵᠤ᠂ ᠪᠢᠳᠡᠨ ᠤ ᠦᠢᠯᠡᠳᠪᠦᠷᠢᠯᠡᠯ ᠤᠨ ᠥᠪᠡᠷ ᠤᠨ ᠦᠷᠳᠡᠭ ᠢ 10% ᠭᠠᠷᠤᠢ ᠪᠠᠷ | ᠠᠷᠪᠢᠯᠠᠵᠤ ᠳᠡᠶᠢᠯᠦᠨ᠎ᠠ︾ ᠭᠡᠵᠦ ᠥᠪᠥᠷ ᠮᠣᠩᠭᠤᠯ ᠤᠨ ᠯᠦᠩ ᠮᠠ ᠬᠦᠨᠳᠦ ᠠᠵᠤ ᠦᠢᠯᠡᠳᠪᠦᠷᠢ ᠶᠢᠨ ᠪᠦᠯᠦᠭᠯᠡᠯ | ᠺᠤᠮᠫᠠᠨᠢ ᠶᠢᠨ ᠬᠡᠷᠡᠭ ᠮᠡᠳᠡᠭᠴᠢᠳ ᠤᠨ ᠳᠠᠷᠤᠭ᠎ᠠ ᠴᠢᠦᠢ ᠹᠧᠩ ᠽᠧᠩ ᠶᠠᠷᠢᠯ᠎ᠠ᠃ ᠯᠦᠩ ᠮᠠ ᠪᠦᠯᠦᠭᠯᠡᠯ ᠢ | ᠳᠠᠭᠠᠭᠠᠳ ᠱᠤᠸᠠᠩ ᠷᠦᠢ ᠰᠠᠯᠬᠢᠨ ᠬᠦᠴᠦ ᠪᠠᠷ ᠴᠠᠭᠢᠯᠭᠠᠨ ᠭᠠᠷᠭᠠᠬᠤ ᠰᠡᠩᠰᠡ ᠶᠢᠨ ᠳᠡᠯᠪᠢ ᠦᠢᠯᠡᠳᠬᠦ ᠺᠤᠮᠫᠠᠨᠢ᠂ | ᠷᠦᠢ ᠰᠢᠶᠠᠩ ᠰᠠᠯᠬᠢᠨ ᠬᠦᠴᠦ ᠪᠠᠷ ᠴᠠᠭᠢᠯᠭᠠᠨ ᠭᠠᠷᠭᠠᠬᠤ ᠪᠦᠭᠡᠨᠴᠦᠭ ᠦᠢᠯᠡᠳᠬᠦ ᠺᠤᠮᠫᠠᠨᠢ᠂ ᠲᠢᠶᠠᠨ ᠱᠦᠨ ᠰᠠᠯᠬᠢᠨ | ᠬᠦᠴᠦ ᠪᠠᠷ ᠴᠠᠭᠢᠯᠭᠠᠨ ᠭᠠᠷᠭᠠᠬᠤ ᠲᠠᠯᠪᠢᠭᠤᠷ ᠵᠢᠶᠠᠰᠠ ᠦᠢᠯᠡᠳᠬᠦ ᠺᠤᠮᠫᠠᠨᠢ ᠵᠢᠴᠢ ᠶᠢᠨ ᠹᠧᠩ ᠰᠢᠨᠵᠢᠯᠡᠬᠦ ᠤᠬᠠᠭᠠᠨ | ᠲᠧᠭᠨᠢᠭ ᠮᠡᠷᠭᠡᠵᠢᠯ᠂ ᠵᠦᠩ ᠴᠤᠸᠠᠨ ᠬᠠᠢ ᠵᠤᠸᠠᠩ᠂ ᠰᠠᠨ ᠢ ᠵᠦᠩ ᠨᠧᠩ ᠵᠡᠷᠭᠡ ᠰᠠᠯᠬᠢᠨ ᠬᠦᠴᠦ ᠪᠠᠷ | ᠴᠠᠭᠢᠯᠭᠠᠨ ᠭᠠᠷᠭᠠᠬᠤ ᠪᠦᠬᠦᠯᠢ ᠮᠠᠰᠢᠨ ᠦᠢᠯᠡᠳᠬᠦ ᠺᠤᠮᠫᠠᠨᠢ᠂ ᠵᠦᠩ ᠴᠧ ᠰᠠᠯᠬᠢᠨ ᠬᠦᠴᠦ ᠪᠠᠷ ᠴᠠᠭᠢᠯᠭᠠᠨ | ᠭᠠᠷᠭᠠᠬᠤ ᠴᠠᠭᠢᠯᠭᠠᠨ ᠮᠠᠰᠢᠨ ᠦᠢᠯᠡᠳᠬᠦ ᠺᠤᠮᠫᠠᠨᠢ ᠵᠡᠷᠭᠡ 10 ᠭᠠᠷᠤᠢ ᠠᠵᠤ ᠠᠬᠤᠶᠢᠯᠠᠯ ᠲᠦᠩᠯᠢᠶᠣᠣ ᠳᠤ ᠢᠷᠡᠵᠤ | ᠨᠤᠲᠤᠭᠰᠢᠪᠠ᠃ | | | ᠤᠳᠤ ᠥᠪᠥᠷ ᠮᠣᠩᠭᠤᠯ ᠤᠨ ᠵᠡᠭᠦᠨ ᠪᠡᠶ᠎ᠡ ︵ᠲᠦᠩᠯᠢᠶᠣᠣ︶ ᠶᠢᠨ ᠰᠠᠯᠬᠢᠨ ᠬᠦᠴᠦ ᠪᠠᠷ ᠴᠠᠭᠢᠯᠭᠠᠨ ᠭᠠᠷᠭᠠᠬᠤ | ᠲᠣᠨᠣᠭᠯᠠᠯ ᠦᠢᠯᠡᠳᠬᠦ ᠠᠵᠤ ᠦᠢᠯᠡᠰ ᠤᠨ ᠰᠠᠭᠤᠷᠢᠨ ᠨᠢᠭᠡᠨᠲᠡ ᠵᠢᠯ ᠤᠨ 10 ᠲᠦᠮᠡᠨ ᠳᠤᠨ ᠤ ᠪᠣᠯᠣᠳ | ᠪᠦᠲᠦᠴᠡ᠂ 300 ᠰᠠᠭᠤᠷᠢ ᠳᠡᠭᠦᠵᠢ ᠮᠠᠰᠢᠨ᠂ 1000 ᠢᠵᠢ ᠰᠡᠩᠰᠡ ᠶᠢᠨ ᠳᠡᠯᠪᠢ᠂ 1000 ᠢᠵᠢ | ᠪᠦᠭᠡᠨᠴᠦᠭ᠂ 600 ᠰᠠᠭᠤᠷᠢ ᠭᠤᠣᠯ ᠮᠠᠰᠢᠨ ᠢ ᠦᠢᠯᠡᠳᠪᠦᠷᠢᠯᠡᠬᠦ ᠴᠢᠳᠠᠪᠤᠷᠢᠲ᠋ᠠᠢ ᠪᠣᠯᠵᠤ᠂ ᠵᠢᠱᠢᠯᠲᠡ ᠪᠠᠷ | 2026 ᠣᠨ ᠪᠤᠯᠬᠤ ᠳᠤ ᠵᠢᠯ ᠤᠨ ᠦᠢᠯᠡᠳᠬᠦᠨ ᠤ ᠦᠷᠳᠡᠭ ᠨᠢ 720 ᠳ᠋ᠦᠩᠰᠢᠭᠤᠷ ᠲᠥᠭᠦᠷᠢᠭ ᠲᠤ ᠬᠦᠷᠬᠦ | ᠪᠣᠯᠣᠮᠵᠢ ᠲᠠᠢ ᠪᠣᠯᠵᠠᠢ᠃ ︽ᠪᠢᠳᠡ ᠰᠠᠯᠬᠢᠨ ᠬᠦᠴᠦ ᠪᠠᠷ ᠴᠠᠭᠢᠯᠭᠠᠨ ᠭᠠᠷᠭᠠᠬᠤ ᠲᠣᠨᠣᠭᠯᠠᠯ ᠤᠨ ᠰᠡᠯᠪᠢᠭ ᠲᠤᠨᠤᠭ | ᠢᠶᠠᠷ ᠰᠠᠭᠤᠷᠢ ᠪᠣᠯᠭᠠᠨ᠂ ᠪᠦᠷᠢᠨ ᠪᠦᠲᠦᠨ ᠠᠵᠤ ᠦᠢᠯᠡᠰ ᠤᠨ ᠬᠡᠯᠬᠢᠶ᠎ᠡ ᠶᠢ ᠬᠠᠮᠤᠷᠤᠭᠰᠠᠨ ᠠᠵᠤ ᠠᠬᠤᠶᠢᠯᠠᠯ ᠤᠳ ᠢ | ᠣᠷᠣᠭᠤᠯᠤᠨ ᠠᠪᠴᠢᠷᠠᠭᠠᠳ ᠲᠦᠭᠦᠬᠡᠢ ᠮᠠᠲ᠋ᠧᠷᠢᠶᠠᠯ ᠢᠶᠠᠷ ᠢᠶᠠᠨ ᠰᠡᠯᠪᠢᠭ ᠲᠤᠨᠤᠭ ᠠᠴᠠ ᠡᠬᠢᠯᠡᠨ ᠭᠤᠣᠯ ᠮᠠᠰᠢᠨ | ᠭᠦᠷᠳᠡᠯ᠎ᠠ ᠦᠢᠯᠡᠳᠬᠦ ᠪᠥᠭᠡᠳ ᠦᠢᠯᠡᠳᠬᠦᠨ ᠢᠶᠠᠨ ᠬᠦᠷᠢᠶᠡᠯᠡᠩ ᠲᠣᠭᠤᠷᠢᠭ ᠳᠣᠲᠣᠷ᠎ᠠ ᠪᠠᠨ ᠰᠢᠯᠭᠠᠨ ᠪᠠᠶᠢᠴᠠᠭᠠᠵᠤ | ᠭᠡᠷᠡᠴᠢ ᠦᠨᠡᠮᠯᠡᠯ ᠣᠯᠭᠤᠬᠤ ᠶᠢ ᠪᠡᠶᠡᠯᠡᠭᠦᠯᠵᠦ᠂ ᠲᠦᠩᠯᠢᠶᠣᠣ ᠬᠤᠳᠠ ᠲᠡᠷᠡᠴᠢᠯᠡᠨ ᠪᠦᠭᠦ ᠥᠪᠥᠷ ᠮᠣᠩᠭᠤᠯ ᠤᠨ | ᠰᠠᠯᠬᠢᠨ ᠬᠦᠴᠦ ᠪᠠᠷ ᠴᠠᠭᠢᠯᠭᠠᠨ ᠭᠠᠷᠭᠠᠬᠤ ᠲᠣᠨᠣᠭᠯᠠᠯ ᠦᠢᠯᠡᠳᠬᠦ ᠪᠦᠭᠦ ᠠᠵᠤ ᠦᠢᠯᠡᠰ ᠤᠨ ᠬᠡᠯᠬᠢᠶ᠎ᠡ ᠶᠢᠨ | ᠬᠤᠭᠤᠰᠤᠨ ᠢ ᠨᠥᠬᠦᠪᠦᠷᠢᠯᠡᠪᠡ︾ ᠭᠡᠵᠦ ᠴᠢᠦᠢ ᠹᠧᠩ ᠽᠧᠩ ᠤᠷᠮᠠᠲᠠᠢ ᠶᠠᠷᠢᠵᠤ ᠪᠠᠶᠢᠯ᠎ᠠ᠃ | |