| | ᠦᠷ ᠭᠡᠶᠢᠵᠡᠢ᠃ ᠶᠢᠰᠦ ᠣᠷᠣᠭᠰᠠᠨ ᠪᠤᠯᠪᠠᠴᠤ ᠠᠭᠤᠷ ᠠᠮᠢᠰᠬᠤᠯ ᠳᠤᠯᠠᠭᠠᠬᠠᠨ᠃ ᠪᠢ ᠡᠷᠲᠡ ᠶᠢᠨ ᠬᠤᠭᠤᠯᠠᠨ | ᠭᠡᠷ ᠣᠯᠵᠤ᠂ ᠱᠥᠯᠥ ᠲᠠᠢ ᠬᠤᠭᠤᠯᠠ ᠵᠠᠬᠢᠶᠠᠯᠠᠨ ᠬᠦᠯᠢᠶᠡᠵᠦ ᠪᠠᠶᠢᠲᠠᠯ᠎ᠠ ᠪᠤᠳᠤᠮᠠᠯ ᠬᠠᠷ᠎ᠠ ᠠᠷᠠᠰᠤᠨ ᠮᠠᠯᠠᠭᠠᠢ | ᠡᠮᠦᠰᠦᠭᠰᠡᠨ ᠬᠢᠵᠢᠶᠡᠯ ᠨᠠᠰᠤᠨ ᠤ ᠭᠤᠷᠪᠠᠨ ᠡᠷ᠎ᠡ ᠣᠷᠣᠵᠤ ᠢᠷᠡᠭᠡᠳ ᠮᠠᠨᠲᠸᠣ᠂ ᠨᠠᠷᠢᠮᠤᠨ ᠰᠥᠮᠥᠰᠤ᠂ ᠳᠠᠪᠤᠰᠤᠲᠠᠢ | ᠨᠣᠭᠤᠭ᠎ᠠ ᠵᠠᠬᠢᠶᠠᠯᠠᠵᠤ ᠪᠠᠶᠢᠯ᠎ᠠ᠃ ᠳᠦᠭᠦᠮ ᠪᠥᠬᠡᠯᠢᠭ᠂ ᠵᠤᠵᠠᠭᠠᠪᠲᠤᠷ ᠬᠤᠪᠴᠠᠰᠤ ᠡᠮᠦᠰᠴᠡᠭᠡᠵᠦ᠂ ᠬᠡᠭᠡᠷ᠎ᠡ ᠭᠠᠳᠠᠨ᠎ᠠ | ᠠᠵᠢᠯᠯᠠᠳᠠᠭ ᠨᠢ ᠢᠯᠡᠭᠡᠨ ᠮᠡᠳᠡᠭᠳᠡᠨ᠎ᠡ᠃ ᠠᠷᠠᠰᠤᠨ ᠮᠠᠯᠠᠭᠠᠢ ᠪᠠᠨ ᠬᠤᠸᠠᠰ ᠬᠢᠲᠡᠯ᠎ᠡ ᠬᠠᠵᠠᠭᠤ ᠲᠠᠯ᠎ᠠ ᠳᠠᠭᠠᠨ | ᠲᠠᠯᠪᠢᠵᠠᠭᠠᠨ ᠶᠡᠬᠡᠯ᠎ᠡ ᠰᠢᠮᠡᠲᠡᠢ ᠬᠤᠷᠳᠤᠨ ᠵᠣᠭᠤᠭᠯᠠᠵᠠᠭᠠᠨᠠ᠃ | | | ᠪᠢ ᠲᠡᠳᠡᠨ ᠤ ᠡᠮᠦᠰᠦᠭᠰᠡᠨ ᠡᠶᠢᠮᠦᠷᠬᠦᠦ ᠠᠷᠠᠰᠤᠨ ᠮᠠᠯᠠᠭᠠᠢ ᠶᠢ ᠣᠯᠵᠤ ᠦᠵᠡᠭᠡᠳᠦᠢ ᠣᠨ ᠤᠳᠠᠵᠠᠢ᠃ | ᠥᠨᠥ ᠢᠳᠡᠷ ᠶᠢᠰᠦ ᠶᠢᠨ ᠬᠦᠢᠲᠡᠨ ᠳᠤ ᠴᠦ ᠡᠶᠢᠮᠦ ᠮᠠᠯᠠᠭᠠᠢ ᠡᠮᠦᠰᠳᠡᠭ ᠬᠥᠮᠥᠨ ᠬᠠᠷᠠᠭᠳᠠᠬᠤ ᠪᠠᠨ ᠪᠣᠯᠢᠵᠠᠢ᠃ | ᠬᠠᠪᠤᠷ ᠨᠠᠮᠤᠷ ᠨᠡᠶᠢᠯᠡᠭᠡᠳ ᠡᠪᠦᠯ ᠦᠭᠡᠢ ᠪᠣᠯᠪᠠ ᠭᠡᠭᠴᠢ ᠪᠣᠯᠵᠤ ᠬᠥᠮᠥᠰ ᠬᠥᠩᠭᠡᠨ ᠨᠢᠮᠭᠡᠨ᠂ ᠴᠠᠭ ᠤᠨ ᠥᠩᠭᠡ ᠶᠢ | ᠳᠠᠭᠠᠬᠰᠠᠨ ᠳᠡᠪᠡᠯ ᠮᠠᠯᠠᠭᠠᠢ ᠪᠠᠷ ᠭᠠᠩᠭᠠᠷᠠᠬᠤ ᠪᠣᠯᠪᠠ᠃ | | | ᠪᠢᠳᠡᠨ ᠤ ᠪᠠᠭ᠎ᠠ ᠶᠢᠨ ᠦᠶ᠎ᠡ ᠶᠢᠨ ᠡᠪᠦᠯ ᠤᠨ ᠬᠦᠢᠲᠡᠨ ᠢ ᠬᠡᠯᠡᠬᠦ ᠶᠤᠮ ᠪᠣᠯ ᠣᠶᠢᠷ᠎ᠠ ᠶᠢᠨ ᠵᠢᠯ ᠤᠳ ᠲᠠᠢ | ᠬᠠᠷᠢᠴᠠᠭᠤᠯᠬᠤ ᠶᠢᠨ ᠠᠷᠭ᠎ᠠ ᠦᠭᠡᠢ᠃ ᠬᠥᠳᠡᠭᠡ ᠪᠠᠷ ᠶᠠᠪᠤᠳᠠᠭ ᠮᠠᠶᠢᠮᠠᠶᠢᠴᠢᠳ ᠪᠣᠯ ᠭᠤᠣᠯᠳᠠᠭᠤ ᠨᠣᠬᠠᠢ ᠶᠢᠨ | ᠠᠷᠠᠰᠤᠨ ᠮᠠᠯᠠᠭᠠᠢ᠂ ᠭᠤᠮ ᠱᠠᠬᠠᠢ ᠲᠠᠢ ᠨᠣᠬᠠᠢ ᠦᠢᠮᠡᠭᠦᠯᠦᠨ ᠭᠡᠷ ᠲᠤ ᠣᠷᠣᠵᠤ ᠢᠷᠡᠭᠡᠳ ᠯᠠ ᠭᠠᠯ ᠳᠤ ᠬᠥᠯ ᠢᠶᠠᠨ | ᠡᠭᠡᠭᠡᠨ᠎ᠡ᠃ ᠨᠤᠲᠤᠭ ᠤᠨ ᠬᠥᠮᠥᠰ ᠪᠣᠯ ᠬᠤᠷᠠᠭᠠᠨ ᠠᠷᠠᠰᠤᠨ ᠮᠠᠯᠠᠭᠠᠢ᠂ ᠦᠨᠡᠭᠡᠨ ᠠᠷᠠᠰᠤᠨ ᠮᠠᠯᠠᠭᠠᠢ᠂ ᠬᠢᠮᠡᠯ | ᠦᠰᠦ ᠲᠠᠢ ᠠᠷᠠᠰᠤᠨ ᠮᠠᠯᠠᠭᠠᠢ ᠡᠮᠦᠰᠴᠦ᠂ ᠪᠡᠶ᠎ᠡ ᠳᠡᠭᠡᠨ ᠬᠤᠨᠢ ᠢᠮᠠᠭᠠᠨ ᠠᠷᠠᠰᠤᠨ ᠤᠲᠤᠮᠠᠯ ᠳᠠᠪᠠᠯ᠂ ᠰᠡᠩᠰᠡᠨ | ᠳᠠᠪᠠᠯ᠂ ᠦᠵᠦᠭᠦᠷᠰᠦᠨ ᠵᠤᠪᠴᠠᠭ᠎ᠠ᠂ ᠨᠡᠬᠡᠢ ᠳᠡᠪᠡᠯ᠂ ᠬᠥᠪᠥᠩ ᠲᠠᠢ ᠣᠯᠣᠨᠳᠠᠢ ᠥᠮᠥᠳᠦ᠂ ᠠᠷᠠᠰᠤᠨ ᠥᠮᠥᠳᠦ ᠴᠦ | ᠡᠮᠦᠰᠳᠡᠭ ᠪᠢᠯᠡ᠃ ᠲᠡᠷᠡ ᠦᠶ᠎ᠡ ᠶᠢᠨ ᠠᠮᠢᠳᠤᠷᠠᠯ ᠠᠬᠤᠢ ᠶᠠᠳᠠᠭᠤ ᠪᠠᠶᠢᠭᠰᠠᠨ ᠤ ᠪᠠᠶᠢᠬ᠎ᠠ᠂ ᠣᠳᠣ ᠶᠢᠨ ᠬᠤᠷᠢᠮ | ᠨᠠᠶᠢᠷ᠂ ᠵᠢᠯ ᠴᠠᠭᠠᠨ ᠰᠠᠷ᠎ᠠ ᠳᠠᠭᠠᠨ ᠭᠠᠩᠭᠠᠷᠠᠳᠠᠭ ᠡᠯᠳᠡᠪ ᠥᠩᠭᠡ ᠶᠢᠨ ᠲᠣᠷᠭᠠᠨ ᠳᠡᠪᠡᠯ ᠬᠠᠷᠠᠭᠳᠠᠳᠠᠭ ᠦᠭᠡᠢ | ᠪᠠᠶᠢᠭᠰᠠᠨ᠃ | | | ᠡᠪᠦᠯ ᠤᠨ ᠪᠡᠯᠡᠳᠬᠡᠯ ᠭᠡᠵᠦ ᠡᠪᠡᠰᠦ ᠲᠠᠷᠢᠶ᠎ᠠ ᠪᠠᠨ ᠬᠠᠳᠤᠵᠤ ᠨᠥᠭᠡᠴᠡᠯᠡᠬᠦ ᠶᠤᠮ ᠦᠦ᠂ ᠣᠲᠣᠷᠯᠠᠨ | ᠡᠪᠦᠯᠵᠢᠶᠡᠨ ᠳᠡᠭᠡᠨ ᠨᠡᠭᠦᠵᠦ ᠣᠷᠣᠭᠰᠠᠭᠠᠷ ᠡᠬᠢᠯᠡᠴᠢᠬᠡᠳᠡᠭ᠃ ᠴᠠᠷᠠᠰᠤᠨ ᠮᠣᠳᠣ ᠭᠤᠷᠪᠠ ᠲᠠᠪᠤᠨ ᠲᠡᠷᠭᠡ | ᠠᠪᠴᠢᠷᠠᠭᠠᠳ ᠫᠧᠩ ᠰᠠᠷᠠᠪᠴᠢ ᠪᠠᠨ ᠵᠤᠵᠠᠭᠠᠨ ᠭᠡᠭᠴᠢ ᠪᠠᠬᠢᠯᠡᠨ᠎ᠡ᠃ ᠬᠤᠨᠢᠨ ᠤ ᠬᠤᠷᠤᠭ᠎ᠠ ᠪᠠᠨ ᠪᠣᠯ ᠬᠤᠶᠢᠨ᠎ᠠ᠂ | ᠵᠡᠭᠦᠨ᠂ ᠪᠠᠷᠠᠭᠤᠨ ᠲᠠᠯ᠎ᠠ ᠠᠴᠠ ᠨᠢ ᠯᠦᠪᠭᠢᠲᠡᠯᠡ ᠪᠦᠲᠡᠭᠡᠴᠢᠬᠡᠳᠡᠭ ᠪᠣᠯᠬᠤᠷ ᠳᠤᠯᠠᠭᠠᠬᠠᠨ ᠪᠠᠶᠢᠵᠤ᠂ ᠡᠪᠦᠯ ᠤᠨ ᠲᠥᠯ | ᠭᠠᠷᠤᠯ᠎ᠠ ᠴᠦ ᠣᠰᠣᠯᠳᠠᠬᠤ ᠦᠭᠡᠢ᠃ ᠢᠳᠡᠷ ᠶᠢᠰᠦ ᠶᠢᠨ ᠬᠦᠢᠲᠡᠨ ᠳᠤ ᠨᠢᠳᠦ ᠦᠭᠡᠢ ᠰᠢᠭᠤᠷᠭ᠎ᠠ ᠢᠰᠬᠡᠷᠦᠨ᠂ ᠲᠡᠭᠷᠢ | ᠭᠠᠵᠠᠷ ᠪᠤᠳᠤᠩᠭᠤᠶᠢᠷᠠᠨ ᠮᠠᠯ ᠵᠠᠯᠠᠬᠤ ᠶᠢᠨ ᠠᠷᠭ᠎ᠠ ᠦᠭᠡᠢ ᠡᠳᠦᠷ ᠤᠳ ᠲᠤ ᠨᠥᠭᠡᠴᠡᠯᠡᠭᠰᠡᠨ ᠡᠪᠡᠰᠦ ᠪᠠᠷ | ᠳᠤᠯᠠᠭᠠᠬᠠᠨ ᠰᠠᠷᠠᠪᠴᠢᠨ ᠳᠠᠭᠠᠨ ᠬᠤᠨᠢ ᠢᠮᠠᠭᠠᠳ᠂ ᠬᠥᠭᠰᠢᠨ ᠪᠠᠭᠤᠷᠠᠢ ᠪᠤᠳᠠ ᠮᠠᠯ ᠢᠶᠠᠨ ᠲᠡᠵᠢᠭᠡᠳᠡᠭ᠃ | | | ᠨᠠᠮᠤᠷ ᠤᠨ ᠰᠡᠭᠦᠯᠴᠢ ᠠᠴᠠ ᠡᠬᠢᠯᠡᠭᠡᠳ ᠠᠪᠤ ᠡᠯᠵᠢᠭᠡᠨ ᠲᠡᠷᠭᠡ ᠪᠠᠷ ᠬᠡᠭᠡᠷ᠎ᠡ ᠠᠴᠠ ᠲᠡᠭᠦᠵᠦ ᠣᠪᠣᠭᠠᠯᠠᠭᠰᠠᠨ | ᠠᠷᠭᠠᠯ ᠢᠶᠠᠨ ᠲᠡᠭᠡᠭᠡᠵᠦ᠂ ᠨᠣᠶᠢᠲᠠᠨ ᠴᠠᠷᠠᠰᠤ ᠪᠠᠷ ᠭᠦᠷᠦᠭᠰᠡᠨ ᠬᠠᠰᠢᠶᠠᠨ ᠳᠠᠭᠠᠨ ᠣᠷᠣᠭᠤᠯᠵᠤ᠂ ᠬᠥᠮᠥᠨ ᠠᠴᠠ | ᠥᠨᠳᠥᠷ ᠣᠪᠣᠭᠠᠯᠠᠨ᠎ᠠ᠃ ᠲᠡᠭᠡᠭᠡᠳ ᠡᠪᠦᠯ ᠨᠢ ᠳᠥᠷᠪᠡ ᠬᠥᠯᠥᠭᠰᠡᠨ ᠮᠣᠷᠢᠨ ᠲᠡᠷᠭᠡ ᠪᠤᠶᠤ ᠠᠴᠢᠶᠠᠨ ᠤ ᠮᠠᠰᠢᠨ ᠲᠠᠢ | ᠢᠷᠡᠬᠦ ᠠᠷᠭᠠᠯ ᠤᠨ ᠮᠠᠶᠢᠮᠠᠶᠢᠴᠢᠳ ᠲᠤ ᠦᠨ᠎ᠡ ᠬᠠᠶᠠᠯᠴᠠᠨ ᠬᠤᠳᠠᠯᠳᠤᠭᠠᠳ ᠰᠠᠷ᠎ᠠ ᠰᠢᠨ᠎ᠡ ᠶᠢᠨ ᠪᠣᠣᠪᠤ ᠪᠤᠭᠤᠷᠰᠤᠭ᠂ | ᠠᠷᠢᠬᠢ ᠲᠠᠮᠠᠬᠢ᠂ ᠢᠬᠢᠷ ᠰᠢᠬᠢᠷ ᠵᠦᠢᠯ ᠬᠤᠳᠠᠯᠳᠤᠨ ᠠᠪᠤᠨ᠎ᠠ᠃ ᠬᠡᠳᠦᠬᠡᠨ ᠲᠡᠷᠭᠡ ᠬᠠᠭᠤᠷᠠᠢ ᠠᠷᠭᠠᠯ ᠢᠶᠠᠨ ᠲᠦᠯᠡᠬᠦ | ᠪᠠᠷ ᠦᠯᠡᠳᠡᠭᠡᠭᠰᠡᠨ ᠪᠣᠯᠬᠤᠷ ᠭᠤᠣᠯ ᠲᠦᠯᠡᠰᠢ ᠪᠠᠨ ᠠᠪᠬᠤ ᠪᠠᠷ ᠠᠪᠤ ᠠᠬ᠎ᠠ ᠪᠢᠳᠡ ᠡᠭᠡᠯᠵᠢᠯᠡᠨ ᠶᠠᠪᠤᠳᠠᠭ᠃ ᠵᠢᠪᠠᠷ | ᠰᠠᠯᠬᠢ ᠨᠠᠮᠤᠭᠤᠬᠠᠨ ᠡᠳᠦᠷ ᠤᠳ ᠲᠤ ᠪᠢᠳᠡ ᠠᠭᠤᠯᠠᠨ ᠳᠤ ᠭᠠᠷᠴᠤ᠂ ᠨᠣᠴᠣᠬᠤ ᠳᠤ ᠠᠮᠠᠷᠬᠠᠨ ᠰᠢᠪᠠᠭ᠂ ᠢᠯᠴᠢ ᠨᠢ | ᠳᠠᠭᠠᠭᠠᠴᠠ ᠲᠠᠢ ᠬᠤᠵᠤᠤᠯ᠎ᠠ᠂ ᠵᠡᠪᠡᠨ ᠬᠠᠷ᠎ᠠ ᠴᠠᠷᠠᠰᠤᠨ ᠮᠣᠳᠣ ᠶᠢ ᠨᠡᠯᠢᠶᠡᠳ ᠲᠡᠷᠭᠡ ᠵᠥᠭᠡᠭᠡᠵᠦ᠂ ᠬᠦᠢᠲᠡᠨ ᠡᠪᠦᠯ ᠢ | ᠠᠵᠢᠭ ᠦᠭᠡᠢ ᠲᠤᠭᠤᠯᠳᠠᠭ ᠰᠠᠨ᠃ ᠵᠤᠤᠬᠠᠨ ᠳᠤ ᠳᠦᠷᠡᠯᠵᠡᠬᠦ ᠬᠤᠵᠤᠤᠯ᠎ᠠ᠂ ᠬᠢᠷᠦᠭᠡᠳᠡᠭᠰᠡᠨ ᠲᠦᠯᠡᠭᠡᠨ ᠭᠠᠯ ᠤᠨ | ᠨᠢᠯᠴᠢᠭᠢᠨᠡᠭᠰᠡᠨ ᠢᠯᠴᠢᠨ ᠳᠤ ᠠᠪᠤ ᠠᠬ᠎ᠠ ᠪᠢᠳᠡ ᠭᠤᠷᠪᠠ ᠭᠡᠷ ᠤᠨ ᠪᠤᠯᠣᠩ ᠴᠣᠯᠤᠩ ᠢ ᠡᠵᠡᠯᠡᠨ ᠦᠯᠢᠭᠡᠷ ᠤᠨ | ᠨᠣᠮ ᠤᠩᠰᠢᠨ ᠰᠠᠭᠤᠨ᠎ᠠ᠃ ᠮᠢᠨᠤ ᠵᠣᠬᠢᠶᠠᠯ ᠪᠢᠴᠢᠬᠦ ᠳᠤᠷᠠᠲᠠᠢ ᠪᠣᠯᠤᠭᠰᠠᠨ ᠨᠢ ᠴᠦ ᠲᠡᠷᠡ ᠦᠶ᠎ᠡ ᠠᠴᠠ ᠡᠬᠢᠯᠡᠭᠰᠡᠨ | ᠶᠤᠮ᠃ ᠡᠵᠢ ᠪᠣᠯ ᠦᠢᠯᠡ ᠣᠶᠣᠳᠠᠯ ᠤᠨ ᠲᠤᠰᠬᠠᠢ ᠡᠷᠦᠭᠡ ᠭᠡᠮᠡᠷ᠃ ᠨᠢᠭᠡ ᠭᠡᠷ ᠤᠨ ᠵᠢᠷᠭᠤᠭᠠᠨ ᠠᠮᠠ | ᠬᠥᠮᠥᠨ ᠤ ᠪᠠᠨ ᠮᠥᠷᠥ ᠪᠦᠲᠦᠨ ᠬᠥᠯ ᠢ ᠨᠢ ᠳᠤᠯᠠᠭᠠᠬᠠᠨ ᠶᠠᠪᠤᠭᠤᠯᠬᠤ ᠪᠠᠷ ᠪᠠᠷᠠᠬᠤ ᠦᠭᠡᠢ ᠲᠦᠷᠦᠯ | ᠰᠠᠳᠤᠨ ᠤ ᠪᠠᠨ ᠵᠢᠯ ᠣᠷᠣᠬᠤ᠂ ᠠᠬᠠᠮᠠᠳ ᠨᠠᠰᠤᠲᠠᠳ ᠲᠤ ᠱᠠᠬᠠᠢ ᠭᠤᠲᠤᠯ᠂ ᠲᠡᠪᠡᠯ ᠣᠭᠴᠣᠷ ᠪᠡᠯᠡᠳᠬᠡᠬᠦ | ᠠᠵᠢᠯ ᠳᠤ ᠡᠳᠦᠷ ᠰᠥᠨᠢ ᠦᠭᠡᠢ ᠶᠠᠭᠠᠷᠠᠳᠠᠭ᠃ ᠮᠠᠨᠠᠶᠢᠬᠢ ᠮᠠᠯ ᠵᠤᠵᠠᠭᠠᠨ ᠪᠢᠰᠢ ᠴᠦ ᠨᠢᠭᠡ ᠣᠶᠣᠳᠠᠯ ᠤᠨ | ᠮᠠᠰᠢᠨ ᠲᠠᠢ᠂ ᠬᠠᠨᠲᠠᠭᠠᠵᠠ ᠥᠮᠥᠳᠦ ᠶᠢ ᠪᠣᠯ ᠡᠵᠢ ᠥᠪᠡᠷ ᠢᠶᠠᠨ ᠣᠶᠣᠴᠢᠬᠠᠨᠠ᠂ ᠥᠭᠡᠷ᠎ᠡ ᠠᠶᠢᠯ ᠤᠨ ᠬᠢ ᠶᠢ ᠴᠦ᠂ | ᠬᠡᠮᠵᠢᠨ ᠵᠢᠷᠤᠵᠤ᠂ ᠡᠰᠬᠡᠨ ᠣᠶᠣᠵᠤ ᠪᠠᠶᠢᠭᠰᠠᠨ ᠯᠠ ᠳ᠋ᠠ᠃ ᠭᠤᠲᠤᠯ ᠱᠠᠬᠠᠢ ᠶᠢ ᠪᠣᠯ ᠭᠠᠷ ᠢᠶᠠᠷ ᠣᠶᠣᠵᠤ ᠱᠠᠭᠯᠠᠨ᠎ᠠ | ᠰᠢᠦ᠃ ᠡᠵᠢ ᠮᠢᠨᠢ ᠲᠣᠰᠣᠨ ᠳ᠋ᠧᠩ ᠤᠨ ᠭᠡᠷᠡᠯ ᠳᠤ ᠭᠤᠷᠪᠠᠨ ᠮᠠᠷᠠᠯ ᠭᠤᠳᠤᠶᠢᠳᠠᠯᠠ ᠬᠠᠯᠠᠭᠤᠨ ᠭᠡᠷ ᠭᠦᠷᠦᠲᠡᠯᠡ | ᠰᠠᠭᠤᠳᠠᠭ ᠪᠠᠶᠢᠯ᠎ᠠ᠃ | | | ᠰᠤᠷᠭᠠᠭᠤᠯᠢ ᠲᠠᠷᠬᠠᠵᠤ᠂ ᠶᠢᠰᠦ ᠡᠬᠢᠯᠡᠬᠦ ᠪᠠᠷ ᠪᠠᠷᠠᠭᠤᠨ ᠠᠶᠢᠯ ᠤᠨ ᠬᠡᠦᠬᠡᠳ ᠤᠷᠠᠬ᠎ᠠ ᠲᠠᠯᠪᠢᠨ ᠲᠠᠤᠯᠠᠢ | ᠠᠪᠠᠯᠠᠵᠤ ᠬᠤᠷᠰᠢᠶᠠᠨ ᠳᠤ ᠬᠤᠳᠠᠯᠳᠤᠯ᠎ᠠ ᠭᠡᠯᠴᠡᠨ᠎ᠡ᠃ ᠢᠲᠠᠭᠤ ᠶᠢ ᠪᠣᠯ ᠠᠮᠠᠷᠬᠠᠨ ᠪᠠᠷᠢᠳᠠᠭ ᠭᠡᠨ᠎ᠡ᠃ ᠪᠢ ᠴᠦ | ᠡᠮᠦᠨ᠎ᠡ ᠠᠶᠢᠯ ᠤᠨ ᠡᠰᠡᠷᠡᠭ ᠤᠨ ᠬᠤᠷᠰᠢᠶᠠᠨ ᠠᠴᠠ ᠨᠠᠷᠢᠨ ᠵᠥᠭᠡᠯᠡᠨ ᠲᠡᠮᠦᠷ ᠤᠲᠠᠰᠤ ᠬᠤᠳᠠᠯᠳᠤᠨ ᠠᠪᠴᠤ᠂ | ᠲᠠᠤᠯᠠᠢ ᠶᠢᠨ ᠵᠢᠮ ᠳᠡᠭᠡᠷ᠎ᠡ ᠬᠠᠷᠭᠠᠨ᠎ᠠ ᠱᠠᠭᠡᠷ ᠤᠨ ᠳᠤᠮᠳᠠᠬᠢ ᠦᠯᠦ ᠮᠡᠳᠡᠭ ᠬᠠᠯᠴᠠᠭᠠᠶᠢᠷᠠᠭᠰᠠᠨ ᠵᠢᠮ ᠳᠡᠭᠡᠷ᠎ᠡ | ᠠᠷᠪᠠ ᠭᠠᠷᠤᠢ ᠤᠷᠠᠬ᠎ᠠ ᠲᠠᠯᠪᠢᠴᠢᠬᠠᠭᠠᠳ ᠥᠨᠵᠢᠭᠦᠲᠡ ᠬᠤᠨᠣᠭᠤᠲᠠ ᠡᠷᠭᠢᠵᠦ ᠦᠵᠡᠨ᠎ᠡ᠃ ᠤᠷᠠᠬᠠᠨ ᠳᠤ ᠮᠢᠨᠢ | ᠳᠡᠭᠵᠢᠨ ᠲᠠᠤᠯᠠᠢ ᠪᠠᠶᠢᠲᠤᠭᠠᠢ᠂ ᠬᠤᠯᠤᠭᠠᠨ᠎ᠠ ᠵᠤᠷᠠᠮ᠎ᠠ ᠴᠦ ᠤᠨᠠᠭᠰᠠᠨ ᠤᠳᠠᠭ᠎ᠠ ᠦᠭᠡᠢ᠃ | | | ᠪᠠᠶᠠᠨ ᠨᠢᠷᠤᠭᠤ ᠠᠴᠠ ᠡᠬᠢ ᠠᠪᠤᠭᠠᠳ ᠭᠠᠴᠠᠭᠠᠨ ᠤ ᠵᠡᠭᠦᠨ ᠲᠠᠯ᠎ᠠ ᠪᠠᠷ ᠤᠭᠠᠯᠵᠠᠯᠠᠨ ᠤᠷᠤᠰᠤᠭᠰᠠᠨ ᠭᠤᠣᠯ | ᠬᠥᠯᠳᠡᠵᠦ᠂ ᠮᠠᠨᠤᠰ ᠤᠨ ᠲᠣᠭᠯᠠᠨ ᠨᠠᠭᠠᠳᠬᠤ ᠡᠬᠡ ᠪᠠᠶᠢᠭᠠᠯᠢ ᠠᠴᠠ ᠰᠣᠶᠣᠷᠬᠠᠭᠰᠠᠨ ᠲᠠᠯᠠᠪᠤᠷ ᠪᠤᠯᠳᠠᠭ᠃ ᠪᠢᠳᠡ | ᠮᠥᠰᠥᠨ ᠳᠡᠭᠡᠷ᠎ᠡ᠂ ᠰᠠᠭᠤᠨ ᠭᠤᠯᠭᠤᠬᠤ ᠳᠥᠷᠪᠡᠯᠵᠢᠨ ᠮᠣᠳᠣᠨ ᠲᠡᠷᠭᠡ ᠵᠣᠬᠢᠶᠠᠨ᠂ ᠤᠷᠲᠤᠯᠵᠢᠨ ᠬᠤᠶᠠᠷ ᠠᠷᠠᠯ ᠤᠨ | ᠳᠣᠣᠷ᠎ᠠ ᠨᠢ ᠨᠠᠢᠮᠠᠨ ᠢᠮᠠᠬᠤ ᠣᠷᠴᠢᠮ ᠣᠷᠲᠣ ᠰᠠᠪᠬᠠᠨ ᠠᠴᠠ ᠠᠷᠠᠢ ᠨᠠᠷᠢᠨ ᠲᠡᠮᠦᠷ ᠤᠲᠠᠰᠤ ᠬᠠᠳᠠᠵᠤ᠂ ᠬᠤᠶᠠᠷ | ᠭᠠᠷ ᠲᠠᠭᠠᠨ ᠬᠠᠪᠲᠠᠭᠠᠢ ᠲᠡᠮᠦᠷ ᠰᠢᠭᠠᠭᠰᠠᠨ ᠮᠣᠳᠣᠨ ᠪᠠᠷᠢᠭᠤᠯ ᠲᠠᠢ ᠴᠢᠴᠢᠭᠦᠷ ᠠᠳᠬᠤᠨ᠂ ᠭᠥᠯᠢᠭᠡᠷ ᠮᠥᠰᠥᠨ | ᠲᠡᠷᠭᠡᠨ ᠳᠤ ᠰᠠᠭᠤᠨ ᠭᠦᠶᠦᠯᠭᠡᠬᠦ ᠳᠤ ᠬᠠᠪᠤᠯᠢᠭ ᠪᠤᠯᠪᠠᠴᠤ ᠨᠡᠬᠡᠢ ᠳᠡᠪᠡᠯ ᠭᠡᠲᠡᠷᠡᠴᠢᠭᠡᠭᠡᠳ ᠯᠠᠭᠯᠠᠶᠢᠨ ᠰᠠᠭᠤᠪᠠᠯ | ᠬᠦᠳᠡᠭᠢ ᠬᠥᠰᠢᠭᠦᠨ ᠪᠠᠶᠢᠳᠠᠭ᠃ | | | ᠮᠠᠨ ᠤ ᠨᠤᠲᠤᠭ ᠲᠤ ᠠᠭᠤᠯᠠ ᠲᠣᠯᠣᠭᠠᠳ ᠤᠯᠠᠨ᠂ ᠬᠥᠨᠳᠡᠢ ᠵᠢᠯᠠᠭ᠎ᠠ ᠴᠦ ᠤᠯᠠᠨ᠃ ᠡᠪᠦᠯ ᠳᠡᠭᠡᠨ ᠮᠠᠨ ᠤ | ᠨᠤᠲᠤᠭ ᠤᠨ ᠠᠭᠤᠯᠠᠨ ᠵᠢᠯᠠᠭ᠎ᠠ ᠪᠣᠯᠭᠠᠨ ᠳᠤ ᠳᠠᠪᠠᠭᠠᠨ ᠠᠷᠤ ᠶᠢᠨ ᠦᠵᠦᠮᠦᠴᠢᠨ ᠠᠶᠢᠯ ᠦᠬᠡᠷ ᠬᠤᠨᠢᠨ ᠰᠦᠷᠦᠭ | ᠲᠠᠢ ᠪᠠᠨ ᠡᠪᠦᠯᠵᠢᠳᠡᠭ᠃ ᠲᠡᠳᠡ ᠣᠪᠣᠶᠢᠲᠠᠯᠠ ᠬᠥᠯᠳᠡᠭᠰᠡᠨ ᠪᠤᠶᠤ ᠳᠡᠯᠪᠡ ᠬᠥᠯᠳᠡᠭᠰᠡᠨ ᠮᠥᠰᠥᠨ ᠲᠣᠪᠤ ᠶᠢ | ᠰᠦᠬᠡ ᠪᠠᠷ ᠴᠠᠪᠴᠢᠯᠠᠨ᠂ ᠲᠡᠪᠡᠷᠢ ᠪᠦᠳᠦᠭᠦᠨ ᠮᠥᠰᠥ ᠶᠢ ᠲᠡᠷᠭᠡ ᠳᠦᠭᠦᠷᠡᠩ ᠠᠴᠢᠭᠠᠳ ᠢᠰᠡᠭᠡᠢ ᠪᠦᠷᠢᠶᠡᠰᠦ ᠲᠠᠢ | ᠮᠣᠩᠭᠤᠯ ᠭᠡᠷ ᠤᠨ ᠢᠶᠠᠨ ᠬᠠᠵᠠᠭᠤᠳᠠᠭᠢ ᠲᠦᠯᠡᠭᠡ ᠮᠣᠳᠣᠨ ᠳᠡᠭᠡᠷ᠎ᠡ ᠪᠠᠭᠤᠯᠭᠠᠨ ᠤᠮᠳᠠ ᠬᠤᠭᠤᠯᠠᠨ ᠳᠠᠭᠠᠨ | ᠬᠡᠷᠡᠭᠯᠡᠳᠡᠭ᠃ ᠬᠡᠦᠬᠡᠳ ᠤᠳ ᠲᠡᠳᠡᠨ ᠤ ᠣᠩᠭᠤᠶᠢᠯᠭᠠᠨ ᠣᠷᠭᠢᠬᠰᠠᠨ ᠮᠥᠰᠥᠨ ᠬᠥᠨᠳᠡᠢ ᠳᠤᠨᠢ ᠰᠢᠷᠭᠤᠯᠠᠨ | ᠨᠠᠭᠠᠳᠬᠤ ᠳᠤᠷᠠᠲᠠᠢ᠃ ᠬᠥᠨᠳᠡᠢ ᠳᠣᠲᠣᠷᠠᠬᠢ ᠬᠢᠷᠠᠭᠤ ᠤᠨᠠᠭᠰᠠᠨ ᠭᠡᠮᠡᠷ ᠴᠠᠷᠴᠠᠭᠤ ᠮᠥᠰᠥᠨ ᠲᠠᠯᠠᠰᠲᠤ ᠶᠢ ᠨᠢ | ᠬᠠᠨᠴᠤᠢ᠂ ᠬᠤᠷᠮᠣᠢ ᠪᠠᠷ ᠵᠦᠯᠭᠦᠴᠢᠬᠡᠭᠡᠳ ᠤᠷᠪᠠᠨ ᠬᠥᠷᠪᠡᠨ᠂ ᠮᠥᠯᠬᠦᠨ ᠲᠠᠭᠤᠯᠴᠠᠨ ᠨᠠᠭᠠᠳᠬᠤ ᠶᠢᠨ ᠬᠠᠪᠤ ᠴᠡᠩᠭᠡᠯ | ᠭᠡᠵᠦ ᠭᠤᠶᠤ ᠶᠤᠮᠰᠠᠨ᠃ ᠮᠥᠰᠥᠨ ᠬᠥᠨᠳᠡᠢ ᠳᠣᠲᠣᠷ᠎ᠠ ᠳᠤᠯᠠᠭᠠᠬᠠᠨ᠂ ᠦᠭᠡ ᠬᠡᠯᠡᠯᠴᠡᠬᠦ ᠳᠤ ᠴᠤᠤᠷᠢᠶ᠎ᠠ ᠲᠠᠲᠠᠳᠠᠭ᠃ | ᠰᠢᠨᠡᠯᠡᠬᠦ ᠦᠶᠡᠰ ᠮᠠᠨᠠᠶᠢᠬᠢᠨ ᠴᠦ ᠮᠥᠰᠥ ᠬᠠᠭᠠᠯᠤᠨ ᠲᠡᠭᠡᠭᠡᠵᠦ᠂ ᠬᠠᠶᠢᠯᠤᠭᠤᠯᠤᠨ ᠬᠡᠷᠡᠭᠯᠡᠳᠡᠭ᠃ ᠲᠡᠷᠡ ᠦᠶ᠎ᠡ ᠳᠤ | ᠨᠣᠬᠠᠢ ᠪᠢᠳᠡ ᠬᠤᠶᠠᠷ ᠰᠢᠷᠡᠭᠡ ᠪᠦᠭᠦ ᠲᠠᠢ ᠲᠡᠮᠡᠭᠡ ᠭᠡᠳᠡᠭ ᠠᠮᠢᠲᠠᠨ ᠢ ᠣᠯᠵᠤ ᠦᠵᠡᠭᠡᠳ ᠦᠵᠡᠭᠡ ᠦᠭᠡᠢ ᠪᠠᠨ | ᠦᠵᠡᠭᠰᠡᠨ ᠮᠡᠲᠦ ᠭᠠᠶᠢᠬᠠᠰᠢᠷᠠᠬᠤ ᠪᠥᠭᠡᠳ ᠶᠡᠬᠡᠯ᠎ᠡ ᠠᠶᠤᠳᠠᠭ᠃ | | | ᠬᠦᠢᠲᠡᠨ ᠤ ᠡᠷᠴᠢ ᠯᠡ ᠬᠡᠴᠡᠭᠦᠦ ᠪᠠᠶᠢᠭᠰᠠᠨ ᠠ᠋᠃ ᠮᠠᠯᠠᠭᠠᠢ ᠡᠮᠦᠰᠬᠦ ᠦᠭᠡᠢ ᠮᠠᠯ ᠵᠠᠯᠠᠭᠠᠳ ᠢᠷᠡᠬᠦ | ᠬᠤᠭᠤᠷᠣᠨᠳᠤ ᠴᠢᠬᠢ ᠬᠥᠯᠳᠡᠴᠢᠬᠡᠨᠡ᠃ ᠨᠤᠯᠮᠤᠬᠤ ᠳᠤ ᠰᠢᠯᠦᠰᠦ ᠭᠠᠵᠠᠷ ᠭᠦᠷᠦᠮᠡᠭᠴᠡ ᠬᠥᠯᠳᠡᠴᠢᠬᠡᠳᠡᠭ ᠪᠠᠶᠢᠭᠰᠠᠨ᠂ | ᠣᠳᠣ ᠪᠣᠯ ᠶᠢᠰᠦ ᠶᠢᠨ ᠬᠦᠢᠲᠡᠨ ᠳᠤ ᠳᠡᠯᠭᠡᠭᠦᠷ ᠠᠴᠠ ᠥᠷᠥᠮ᠎ᠡ᠂ ᠭᠤᠭᠤᠳ᠂ ᠴᠠᠭᠠᠨ ᠨᠣᠭᠤᠭ᠎ᠠ ᠠᠪᠤᠭᠠᠳ | ᠢᠷᠡᠬᠦ ᠳᠤ ᠬᠥᠯᠳᠡᠬᠦ ᠦᠭᠡᠢ ᠪᠣᠯᠤᠭᠰᠠᠨ᠃ | | | ᠶᠢᠰᠦ ᠶᠢᠨ ᠬᠦᠢᠲᠡᠨ ᠳᠤ ᠪᠢᠳᠠ ᠵᠡᠭᠦᠨ ᠭᠤᠣᠯ ᠠᠴᠠ ᠡᠳᠦᠷ ᠠᠯᠤᠰᠯᠠᠪᠠᠯ ᠨᠢᠭᠡ ᠤᠳᠠᠭ᠎ᠠ ᠤᠰᠤ ᠳᠠᠮᠨᠠᠨ᠎ᠠ᠃ | ᠤᠷᠤᠰᠬᠠᠯ ᠤᠰᠤ ᠨᠢ ᠬᠥᠯᠳᠡᠴᠢᠬᠡᠳᠡᠭ ᠪᠣᠯᠬᠤᠷ ᠵᠡᠭᠦᠨ ᠭᠤᠣᠯ ᠤᠨ ᠪᠠᠷᠠᠭᠤᠨ ᠬᠢᠷ᠎ᠠ ᠶᠢ ᠳᠠᠭᠠᠭᠠᠳ ᠨᠡᠯᠢᠶᠡᠳ | ᠶᠠᠪᠤᠪᠠᠯ ᠪᠤᠳᠠᠭ᠎ᠠ ᠬᠠᠭᠤᠷᠳᠠᠭ ᠲᠣᠭᠤᠭ᠎ᠠ ᠬᠢᠷᠢᠲᠡᠢ ᠶᠢᠨ ᠰᠣᠷᠮᠤᠤᠰᠤ ᠨᠢ ᠴᠠᠩ ᠲᠠᠢ ᠨᠢᠳᠦᠨ ᠪᠤᠯᠠᠭ ᠣᠷᠭᠢᠯᠵᠤ | ᠪᠠᠶᠢᠳᠠᠭ ᠶᠤᠮ᠂ ᠬᠠᠶᠠ ᠪᠢᠲᠡᠭᠦᠷᠡᠬᠦ ᠰᠢᠬᠠᠪᠠᠯ ᠬᠥᠮᠥᠰ ᠴᠥᠮᠥᠯᠵᠦ ᠥᠭᠳᠡᠭ᠃ ᠠᠬ᠎ᠠ ᠪᠢᠳᠡ ᠬᠤᠶᠠᠭᠤᠯᠠ ᠤᠲᠤᠮᠠᠯ | ᠠᠷᠠᠰᠤᠨ ᠳᠡᠪᠡᠯ ᠢᠶᠠᠨ ᠡᠮᠦᠰᠦᠭᠡᠳ ᠬᠠᠶᠢᠷ ᠴᠢᠯᠠᠭᠤ ᠲᠠᠢ ᠬᠥᠮᠥᠨ ᠮᠠᠯ ᠤᠨ ᠴᠤᠪᠤᠭ᠎ᠠ ᠪᠠᠷ ᠨᠢᠭᠡ ᠲᠣᠮᠣ ᠨᠢᠭᠡ | ᠵᠢᠵᠢᠭ ᠬᠤᠶᠠᠷ ᠰᠠᠭᠤᠯᠠᠭ᠎ᠠ ᠤᠰᠤ ᠶᠢ ᠴᠠᠯᠭᠢᠭᠤᠯᠤᠭᠰᠠᠭᠠᠷ ᠳᠠᠮᠨᠠᠵᠤ ᠢᠷᠡᠳᠡᠭ᠃ ᠭᠡᠷ ᠲᠤ ᠣᠷᠣᠲᠠᠯ᠎ᠠ | ᠰᠠᠭᠤᠯᠠᠭᠠᠨ ᠤ ᠠᠮᠠᠰᠠᠷ ᠬᠤᠷᠤᠭᠤ ᠵᠤᠵᠠᠭᠠᠨ ᠬᠥᠯᠳᠡᠨ᠎ᠡ᠃ ᠲᠡᠭᠦᠨ ᠢ ᠪᠣᠣᠳᠤᠤ ᠶᠢᠨ ᠳᠤᠬᠤ ᠪᠠᠷ ᠲᠣᠬᠰᠢᠨ | ᠬᠠᠭᠠᠯᠤᠭᠠᠳ ᠣᠰᠣᠨ ᠭᠠᠩ ᠳᠠᠭᠠᠨ ᠴᠢᠳᠬᠤᠨ᠎ᠠ᠃ ᠪᠢᠳᠡ ᠬᠠᠷᠢᠨ ᠳᠠᠭᠠᠷᠠᠳᠠᠭ ᠦᠭᠡᠢ᠂ | ᠬᠥᠯᠥᠰᠦᠨ ᠳ᠋ᠡᠭᠡᠨᠲ᠋ᠡᠪᠲᠦᠴᠢᠬᠡᠭᠰᠡᠨ ᠢᠷᠡᠳᠡᠭ᠃ ᠠᠪᠤ ᠶᠢᠨ ᠳᠡᠪᠡᠯ ᠪᠣᠯ ᠠᠷᠠᠢ ᠬᠥᠩᠭᠡᠨ᠂ ᠡᠵᠢ ᠶᠢᠨ ᠳᠡᠪᠡᠯ ᠪᠣᠯ | ᠦᠰᠦ ᠨᠢ ᠵᠤᠵᠠᠭᠠᠨ ᠤ ᠬᠢ ᠪᠢᠵᠡ᠂ ᠶᠡᠬᠡᠯ᠎ᠡ ᠬᠦᠨᠳᠦ ᠪᠠᠶᠢᠵᠤ᠂ ᠬᠥᠳᠡᠯᠵᠦ ᠪᠠᠷᠢᠬᠤ ᠳᠤ ᠲᠤᠩ ᠬᠥᠰᠢᠭᠦᠨ᠃ ᠪᠢ | ᠡᠵᠢ ᠶᠢᠨ ᠲᠡᠪᠡᠯ ᠢ ᠡᠮᠦᠰᠦᠭᠡᠳ᠂ ᠠᠷᠠᠰᠤᠨ ᠮᠠᠯᠠᠭᠠᠢ᠂ ᠢᠰᠡᠭᠡᠢ ᠭᠤᠲᠤᠯ ᠲᠠᠢ ᠬᠤᠨᠢ ᠬᠠᠷᠢᠭᠤᠯᠬᠤ ᠳᠤ ᠴᠠᠷᠠᠰᠤᠨ | ᠪᠤᠲᠠᠨ ᠤ ᠳᠤᠮᠳᠠ ᠴᠠᠰᠤᠨ ᠳᠡᠭᠡᠷ᠎ᠡ ᠬᠡᠪᠲᠡᠬᠦ ᠳᠤ ᠠᠮᠠᠨ ᠠᠴᠠ ᠬᠠᠯᠠᠭᠤᠨ ᠠᠭᠤᠷ ᠰᠠᠪᠰᠠᠯᠠᠨ ᠪᠠᠶᠢᠪᠠᠴᠤ ᠲᠠᠭᠠᠷᠠᠳᠠᠭ | ᠦᠭᠡᠢ᠃ | | | ᠮᠢᠨᠤ ᠨᠤᠲᠤᠭ ᠤᠨ ᠢᠳᠡᠷ ᠶᠢᠰᠦ ᠶᠢᠨ ᠬᠦᠢᠲᠡᠨ ᠡᠶᠢᠮᠦ ᠯᠡ ᠳᠤᠷᠠᠰᠤᠮᠵᠢ ᠳᠦᠭᠦᠷᠡᠩ ᠰᠠᠶᠢᠬᠠᠨ ᠪᠠᠶᠢᠭᠰᠠᠨ᠃ | | | |