︽ᠮᠢᠨᠤ ᠪᠠᠭ᠋ᠠᠷᠬᠠᠯ︾ ᠭᠦᠯᠦᠭ ᠰᠢᠯᠵᠢᠶ᠎ᠡ ᠶᠢᠨ ᠸᠢᠳᠢᠤ᠋ ᠪᠢᠴᠢᠯᠭᠡ ᠶᠢᠨ ᠱᠠᠩᠨᠠᠯᠲᠤ ᠤᠷᠤᠯᠳᠤᠭᠠᠨ ᠠᠮᠵᠢᠯᠲᠠ  ᠲᠠᠢ ᠥᠨᠳᠥᠷᠯᠡᠪᠡ
ᠨᠡᠶᠢᠲᠡᠯᠡᠭᠰᠡᠨ ᠴᠠᠭ᠄
2023/12/18
     12 ᠰᠠᠷ᠎ᠠ ᠶᠢᠨ 16 ᠤ ᠡᠳᠦᠷ᠂ ︽ᠮᠢᠨᠤ ᠪᠠᠭ᠋ᠠᠷᠬᠠᠯ︾ ᠭᠦᠯᠦᠭ ᠰᠢᠯᠵᠢᠶ᠎ᠡ ᠶᠢᠨ ᠸᠢᠳᠢᠤ᠋ ᠪᠢᠴᠢᠯᠭᠡ ᠶᠢᠨ ᠱᠠᠩᠨᠠᠯᠲᠤ ᠤᠷᠤᠯᠳᠤᠭᠠᠨ ᠤ ᠰᠢᠯᠭᠠᠷᠠᠭᠤᠯᠤᠯᠲᠠ ᠶᠢᠨ ᠨᠡᠶᠢᠲᠡᠯᠡᠯ ᠤᠨ ᠰᠢᠭᠤᠳ ᠨᠡᠪᠲᠡᠷᠡᠭᠦᠯᠭᠡ ᠭᠦᠭᠡᠬᠤᠳᠠ ᠳᠤ ᠶᠠᠪᠤᠭᠳᠠᠪᠠ᠃      ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠲᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠶᠢ ᠰᠤᠷᠤᠯᠴᠠᠨ ᠲᠤᠭᠤᠰᠢᠯᠠᠭᠤᠯᠵᠤ᠂ ᠲᠠᠪᠤᠨ ᠶᠡᠭᠡ ᠡᠭᠦᠷᠭᠡ ᠶᠢ ᠦᠢᠯᠡᠳᠦᠯᠭᠡᠵᠢᠭᠦᠯᠦᠨ ᠦᠷ᠎ᠡ ᠪᠦᠳᠦᠮᠵᠢ ᠭᠠᠷᠭᠠᠬᠤ ᠶᠢ ᠠᠬᠢᠭᠤᠯᠬᠤ ᠵᠣᠷᠢᠯᠭ᠎ᠠ ᠪᠠᠷ ᠥᠪᠥᠷ ᠮᠣᠩᠭᠤᠯ ᠤᠨ ᠡᠳᠦᠷ ᠤᠨ ᠰᠣᠨᠢᠨ ᠤ ᠬᠤᠷᠢᠶ᠎ᠠ ᠠᠴᠠ ᠭᠤᠣᠯᠯᠠᠨ ᠡᠷᠭᠢᠯᠡᠵᠦ᠂ ᠥᠪᠥᠷ ᠮᠣᠩᠭᠤᠯ ᠤᠨ ᠴᠢᠩ ᠵᠢᠦᠢ ᠰᠣᠶᠣᠯ ᠬᠥᠭᠵᠢᠯᠲᠡ ᠶᠢᠨ ᠬᠢᠵᠠᠭᠠᠷᠲᠤ ᠺᠤᠮᠫᠠᠨᠢ ᠠᠴᠠ ᠳᠠᠭᠠᠭᠠᠴᠢᠯᠠᠨ ᠡᠷᠭᠢᠯᠡᠵᠦ᠂ ᠭᠦᠭᠡᠬᠤᠳᠠ ᠶᠢᠨ ᠬᠠᠮ ᠵᠠᠭᠤᠴᠢᠯᠠᠭᠤᠷ ᠤᠨ ᠲᠥᠪ ᠠᠴᠠ ᠬᠠᠮᠵᠢᠨ ᠡᠷᠭᠢᠯᠡᠭᠰᠡᠨ ︽ᠮᠢᠨᠤ ᠪᠠᠭ᠋ᠠᠷᠬᠠᠯ︾ ᠭᠦᠯᠦᠭ ᠰᠢᠯᠵᠢᠶ᠎ᠡ ᠶᠢᠨ ᠸᠢᠳᠢᠤ᠋ ᠪᠢᠴᠢᠯᠭᠡ ᠶᠢᠨ ᠱᠠᠩᠨᠠᠯᠲᠤ ᠤᠷᠤᠯᠳᠤᠭᠠᠨ ᠨᠢ 2023 ᠣᠨ ᠤ 6 ᠰᠠᠷ᠎ᠠ ᠶᠢᠨ 30 ᠠᠴᠠ 10 ᠰᠠᠷ᠎ᠠ ᠶᠢᠨ 31 ᠤ ᠡᠳᠦᠷ ᠪᠤᠯᠳᠠᠯ᠎ᠠ ᠪᠦᠲᠦᠭᠡᠯ ᠡᠯᠰᠡᠵᠦ᠂ ᠪᠡᠭᠡᠵᠢᠩ᠂ ᠰᠢᠨᠵᠢᠶᠠᠩ᠂ ᠯᠢᠶᠤᠤᠨᠢᠩ᠂ ᠭᠢᠷᠢᠨ᠂ ᠬᠥᠬᠡᠨᠠᠭᠤᠷ᠂ ᠭᠠᠨᠰᠤ ᠵᠡᠷᠭᠡ ᠮᠤᠵᠢ ᠣᠷᠣᠨ ᠬᠤᠳᠠ ᠪᠠ ᠮᠠᠨ ᠤ ᠣᠷᠣᠨ ᠤ ᠡᠯ᠎ᠡ ᠠᠶᠢᠮᠠᠭ ᠬᠤᠳᠠ ᠵᠢᠴᠢ ᠥᠪᠥᠷ ᠮᠣᠩᠭᠤᠯ ᠤᠨ ᠶᠡᠭᠡ ᠰᠤᠷᠭᠠᠭᠤᠯᠢ᠂ ᠥᠪᠥᠷ ᠮᠣᠩᠭᠤᠯ ᠤᠨ ᠪᠠᠭᠰᠢ ᠶᠢᠨ ᠶᠡᠭᠡ ᠰᠤᠷᠭᠠᠭᠤᠯᠢ᠂ ᠥᠪᠥᠷ ᠮᠣᠩᠭᠤᠯ ᠤᠨ ᠡᠳ᠋ ᠤᠨ ᠵᠠᠰᠠᠭ ᠠᠵᠤ ᠠᠬᠤᠢ ᠶᠢᠨ ᠶᠡᠭᠡ ᠰᠤᠷᠭᠠᠭᠤᠯᠢ᠂ ᠭᠦᠭᠡᠬᠤᠳᠠ ᠦᠨᠳᠦᠰᠦᠲᠡᠨ ᠤ ᠳᠡᠭᠡᠳᠦ ᠰᠤᠷᠭᠠᠭᠤᠯᠢ ᠵᠡᠷᠭᠡ ᠶᠡᠭᠡ ᠳᠡᠭᠡᠳᠦ ᠰᠤᠷᠭᠠᠭᠤᠯᠢ ᠠᠴᠠ ᠨᠡᠶᠢᠳᠡ 315 ᠪᠦᠲᠦᠭᠡᠯ ᠬᠤᠷᠢᠶᠠᠨ ᠣᠯᠪᠠ᠃
     ᠰᠢᠭᠤᠳ ᠨᠡᠪᠲᠡᠷᠡᠭᠦᠯᠭᠡ ᠶᠢᠨ ᠬᠥᠲᠥᠯᠥᠭᠴᠢ ᠰᠠᠷᠠᠭᠤᠯᠬᠠᠨ ᠠᠭᠤᠳᠠᠮ      ᠰᠣᠨᠢᠨ ᠮᠡᠳᠡᠭᠡᠨ ᠤ ᠲᠤᠰᠬᠠᠢ ᠮᠡᠷᠭᠡᠵᠢᠯᠲᠡᠳ ᠤᠨ ᠦᠨᠡᠯᠡᠭᠡ ᠰᠢᠭᠦᠯᠲᠡ ᠪᠠᠷ ᠠᠩᠬᠠᠨ ᠤ ᠰᠢᠯᠭᠠᠷᠠᠭᠤᠯᠤᠯᠲᠠ ᠳᠤ 203 ᠪᠦᠲᠦᠭᠡᠯ᠂ ᠨᠤᠭᠤᠯᠤᠭ᠎ᠠ ᠰᠢᠯᠭᠠᠷᠠᠭᠤᠯᠤᠯᠲᠠ ᠳᠤ 60 ᠪᠦᠲᠦᠭᠡᠯ᠂ ᠡᠴᠦᠰ ᠤᠨ ᠰᠢᠯᠭᠠᠷᠠᠭᠤᠯᠤᠯᠲᠠ ᠳᠤ 48 ᠪᠦᠲᠦᠭᠡᠯ ᠰᠢᠯᠭᠠᠷᠠᠵᠠᠢ᠃ ᠤᠷᠤᠯᠳᠤᠭᠠᠨ ᠤ ᠳ᠋ᠦᠩ ᠳᠤ᠂ ᠨᠢᠭᠡᠳᠦᠭᠡᠷ ᠳᠡᠰ ᠲᠤ ᠮᠦᠳᠠᠨ ᠪᠦᠷᠢᠨᠰᠠᠶᠢᠨ ᠪᠠᠶᠠᠨᠬᠦᠦ ᠶᠢᠨ ᠵᠣᠬᠢᠶᠠᠨ ᠪᠦᠲᠦᠭᠡᠭᠰᠡᠨ ︽ᠠᠳᠤᠭᠤᠨ ᠳᠤ ᠬᠠᠶᠢᠷᠠᠲᠠᠢ ᠠᠨᠤᠵᠢᠨ︾᠂ ᠱᠢ ᠲᠤᠶᠠᠭ᠎ᠠ ᠶᠢᠨ ︽ᠮᠠᠯᠴᠢ ᠬᠦᠦ︾ ᠵᠡᠷᠭᠡ 2 ᠪᠦᠲᠦᠭᠡᠯ᠂ ᠬᠤᠶᠠᠳᠤᠭᠠᠷ ᠳᠡᠰ ᠲᠤ ᠰᠣᠳᠣᠪᠢᠯᠢᠭ᠌ ᠨᠠᠩᠵᠢᠳ ᠤᠨ ︽ᠠᠩᠴᠢᠨ ᠤ ᠦᠯᠢᠭᠡᠷ︾᠂ ᠴᠡᠯᠮᠡᠭ ᠤᠨ ︽ᠬᠡᠦᠬᠡᠳ ᠨᠣᠬᠠᠢ ᠬᠤᠶᠠᠷ︾ ᠵᠡᠷᠭᠡ 4 ᠪᠦᠲᠦᠭᠡᠯ᠂ ᠭᠤᠷᠪᠠᠳᠤᠭᠠᠷ ᠳᠡᠰ ᠲᠤ ᠴᠠᠰᠤᠨ᠎ᠠ  ᠶᠢᠨ ︽ᠨᠤᠲᠤᠭ ᠵᠦᠭ ᠤᠨ ᠰᠡᠳᠬᠢᠯ︾᠂ ᠨᠠᠨᠳᠢᠨ ᠤ ︽ᠰᠠᠶᠢᠷᠠᠮ ᠤᠨ ᠨᠠᠭᠤᠷ︾᠂ ᠭᠠᠩᠭᠠᠩ ᠤᠳᠤᠨ ᠪᠠᠢ ᠰᠡᠴᠡᠨ ᠤ ︽ᠮᠣᠷᠢ ᠲᠠᠢ ᠴᠠᠭᠳᠠᠭ᠎ᠠ︾᠂ ᠰᠢᠨᠵᠢᠯᠡ ᠤᠶᠠᠬᠠᠨ ᠰᠣᠷᠭᠤᠭ ᠬᠦᠰᠡᠯ ᠤᠨ ︽ᠣᠷᠳᠣᠰ ᠤᠨ ᠴᠢᠪᠠᠭ᠎ᠠ ᠲᠠᠢ ᠪᠤᠭᠤᠷᠰᠤᠭ︾᠂ ᠰᠤᠷᠭᠠᠯᠲᠤ ᠶᠢᠨ ︽ᠲᠡᠭᠷᠢ ᠶᠢᠨ ᠠᠮᠢᠳᠠᠨ︾ ᠵᠡᠷᠭᠡ 10 ᠪᠦᠲᠦᠭᠡᠯ᠂ ᠰᠢᠯᠢᠳᠡᠭ ᠳᠡᠰ ᠲᠤ ᠦᠨᠢᠪᠠᠳᠠᠷᠠ ᠶᠢᠨ ︽ᠰᠠᠭᠠᠯᠢᠴᠢᠨ ᠪᠦᠰᠡᠭᠦᠢ︾᠂ ᠤᠶᠠᠬᠠᠨ ᠤ ︽ᠠᠶᠢᠪᠤᠭᠤ ᠲᠠᠶᠢᠪᠤᠭᠤᠬᠠᠨ︾᠂ ᠵᠢᠪᠬᠤᠯᠠᠩ ᠤᠨ ︽ᠵᠤᠰᠠᠭᠠᠯ ᠵᠦᠭ ᠢᠶᠠᠨ︾᠂ ᠸᠠᠩ ᠰᠢᠶᠣᠣ ᠹᠧᠢ ᠰᠠᠴᠤᠷᠠ ᠶᠢᠨ ︽ᠲᠦᠷᠪᠡᠨ ᠴᠠᠭ ᠤᠨ ᠪᠠᠷᠭᠤ︾᠂ ᠽᠠᠨᠳᠠᠨ ᠤ ︽ᠬᠤᠭ︾᠂ ᠪᠤᠤ ᠶᠢᠨ ᠰᠦᠸᠧ ᠶᠢᠨ ︽ᠤᠯᠠᠪᠤᠷ ᠨᠠᠪᠴᠢᠰ ᠤᠨ ᠲᠣᠪᠴᠢᠶᠠᠨ︾᠂ ᠤᠨᠳᠤᠷᠤᠮᠠᠯ ᠰᠢᠶᠠᠩ ᠴᠦᠨ ᠤ ︽ᠲᠠᠩᠰᠤᠭ ᠤᠯᠠᠷᠢᠯ︾᠂ ᠬᠠᠰᠲᠤᠶᠠᠭ᠎ᠠ ᠬᠦᠰᠡᠯ ᠡᠷᠬᠢᠮ ᠸᠧᠨ ᠬᠤᠸᠠ ᠶᠢᠨ ︽ᠠᠭᠤᠯᠠ ᠶᠢᠨ ᠰᠠᠶᠢᠬᠠᠨ ᠤᠷᠭᠤᠭ᠎ᠠ ᠴᠢᠯᠠᠭᠤᠳ︾᠂ ᠴᠣᠯᠠ ᠶᠢᠨ ︽ᠥᠨᠳᠦᠷᠯᠢᠭ ᠤᠨ ᠠᠳᠤᠭᠤᠳ︾᠂ ᠪᠥᠬᠡᠪᠢᠯᠢᠭ ᠤᠨ ︽ᠦᠵᠦᠮᠦᠴᠢᠨ ᠨᠡᠭᠦᠳᠡᠯ︾ ᠵᠡᠷᠭᠡ 30 ᠪᠦᠲᠦᠭᠡᠯ ᠰᠢᠯᠭᠠᠷᠠᠵᠤ᠂ ᠬᠠᠮᠤᠭ ᠤᠨ ᠰᠢᠯᠢᠳᠡᠭ ᠪᠦᠲᠦᠭᠡᠯᠴᠢ ᠸᠢᠳᠢᠤ᠋ ᠪᠢᠴᠢᠯᠭᠡ ᠪᠠᠷ ᠳᠠᠭᠤᠯᠠ ᠶᠢᠨ ᠵᠣᠬᠢᠶᠠᠨ ᠪᠦᠲᠦᠭᠡᠭᠰᠡᠨ ︽ᠬᠦᠷᠭᠡᠨ  ᠳᠡᠭᠡᠨ ᠪᠢᠴᠢᠭᠰᠡᠨ ᠠᠪᠤ ᠶᠢᠨ ᠵᠠᠬᠢᠳᠠᠯ︾᠂ ᠬᠠᠮᠤᠭ ᠤᠨ ᠰᠢᠯᠢᠳᠡᠭ ᠦᠯᠢᠭᠡᠷᠲᠦ ᠸᠢᠳᠢᠤ᠋ ᠪᠢᠴᠢᠯᠭᠡ ᠪᠠᠷ ᠨᠠᠷᠠᠨᠲᠤᠶᠠᠭ᠎ᠠ ᠳᠠᠪᠰᠢᠯᠲᠤ ᠨᠠᠷ ᠤᠨ ︽ᠭᠤᠪᠢ ᠨᠤᠲᠤᠭ ᠤᠨ ᠭᠡᠷᠡᠯ ᠭᠡᠭᠡ︾ ᠳᠤᠰ ᠳᠤᠰ ᠲᠣᠳᠣᠷᠠᠪᠠ᠃ ᠢᠩᠭᠢᠪᠡᠯ᠂ 11 ᠰᠠᠷ᠎ᠠ ᠶᠢᠨ 27 ᠠᠴᠠ 12 ᠰᠠᠷ᠎ᠠ ᠶᠢᠨ 15 ᠤ ᠡᠳᠦᠷ ᠪᠤᠯᠳᠠᠯ᠎ᠠ ᠦᠵᠡᠭᠴᠢᠳ ᠤᠨ ᠤᠨᠤᠭ᠎ᠠ ᠥᠭᠭᠦᠯᠲᠡ ᠪᠠᠷ ᠬᠠᠮᠤᠭ ᠠᠴᠠ ᠲᠠᠭᠠᠰᠢᠶᠠᠭᠳᠠᠭᠰᠠᠨ ᠸᠢᠳᠢᠤ᠋ ᠪᠢᠴᠢᠯᠭᠡ ᠶᠢ ᠰᠢᠯᠭᠠᠷᠠᠭᠤᠯᠬᠤ ᠳᠤ᠂ ᠶᠡᠷᠦᠩᠬᠡᠢ ᠤᠨᠤᠭᠠᠨ ᠤ ᠲᠤᠭ᠎ᠠ 11 ᠲᠦᠮᠡ ᠭᠦᠷᠦᠭᠰᠡᠨ ᠪᠣᠯ 20854 ᠤᠨᠤᠭ᠎ᠠ ᠪᠠᠷ ᠠᠶᠠᠨ᠎ᠠ ᠨᠠᠰᠤᠨᠳᠠᠯᠠᠢ ᠶᠢᠨ ︽ᠨᠣᠬᠠᠢ ᠪᠠᠨ ᠤᠶᠠᠭ᠎ᠠ ᠲᠠᠢ ᠠᠪᠴᠤ ᠭᠠᠷᠤᠭᠠᠷᠠᠢ︾ ᠪᠦᠲᠦᠭᠡᠯ ᠰᠢᠯᠭᠠᠷᠠᠭᠰᠠᠨ ᠪᠠᠶᠢᠨ᠎ᠠ᠃
     ᠡᠴᠦᠰ ᠤᠨ ᠰᠢᠯᠭᠠᠷᠠᠭᠤᠯᠤᠯᠲᠠ ᠶᠢᠨ ᠬᠢᠨᠠᠭᠴᠢ ᠪᠠᠭᠠᠨ᠎ᠠ ᠰᠣᠷᠪᠤᠯᠵᠢᠯᠠᠭ᠎ᠠ ᠬᠦᠯᠢᠶᠡᠨ᠎ᠡ      ᠤᠷᠤᠯᠳᠤᠭᠠᠨ ᠤ ᠪᠦᠭᠦ ᠶᠠᠪᠤᠴᠠ ᠳᠤ ᠭᠦᠯᠦᠭ ᠰᠢᠯᠵᠢᠶ᠎ᠡ ᠨᠢ ᠣᠷᠣᠯᠴᠠᠭᠴᠢ ᠪᠠ ᠵᠣᠬᠢᠶᠠᠨ ᠪᠠᠶᠢᠭᠤᠯᠤᠭᠴᠢ  ᠶᠢᠨ ᠬᠥᠭᠦᠷᠭᠡ ᠬᠤᠯᠪᠣᠭᠠᠰᠤ ᠪᠣᠯᠵᠤ᠂ ᠮᠡᠳᠡᠭᠡ ᠮᠡᠳᠡᠭᠡᠯᠡᠯ ᠤᠨ ᠨᠡᠶᠢᠲᠡᠯᠡᠯ᠂ ᠠᠩᠬᠠᠨ ᠤ ᠪᠠ ᠨᠤᠭᠤᠯᠤᠭ᠎ᠠ ᠰᠢᠯᠭᠠᠷᠠᠭᠤᠯᠤᠯᠲᠠ ᠶᠢᠨ ᠪᠦᠲᠦᠭᠡᠯ ᠤᠨ ᠦᠵᠡᠭᠦᠯᠭᠡ᠂ ᠤᠨᠤᠭ᠎ᠠ ᠥᠭᠭᠦᠯᠲᠡ ᠵᠡᠷᠭᠡ ᠡᠭᠦᠷᠭᠡ ᠴᠢᠳᠠᠪᠬᠢ ᠶᠢ ᠭᠦᠢᠴᠡᠳᠬᠡᠨ᠂ ᠪᠠᠰᠠ ᠭᠦᠭᠡᠬᠤᠳᠠ ᠶᠢᠨ ᠬᠠᠮ ᠵᠠᠭᠤᠴᠢᠯᠠᠭᠤᠷ ᠤᠨ ᠲᠥᠪ ᠲᠠᠢ ᠬᠠᠮᠲᠤᠷᠠᠨ ᠭᠦᠯᠦᠭ ᠰᠢᠯᠵᠢᠶ᠎ᠡ ᠪᠠ ᠥᠪᠥᠷ ᠮᠣᠩᠭᠤᠯ ᠤᠨ ᠡᠳᠦᠷ ᠤᠨ ᠰᠣᠨᠢᠨ ᠤ  ᠮᠣᠩᠭᠤᠯ ᠰᠣᠨᠢᠨ ᠤ ᠸᠢᠳᠢᠤ᠋ ᠳ᠋ᠤᠭᠠᠷ ᠢᠶᠠᠷ ᠰᠢᠭᠤᠳ ᠨᠡᠪᠲᠡᠷᠡᠭᠦᠯᠭᠡ ᠬᠢᠵᠦ᠂ ᠱᠠᠩᠨᠠᠯᠲᠤ ᠤᠷᠤᠯᠳᠤᠭᠠᠨ ᠤ ᠡᠴᠦᠰ ᠤᠨ ᠰᠢᠯᠭᠠᠷᠠᠭᠤᠯᠤᠯᠲᠠ ᠶᠢᠨ ᠦᠷ᠎ᠡ ᠳ᠋ᠦᠩ ᠢ ᠨᠡᠶᠢᠲᠡᠯᠡᠵᠦ᠂ ᠣᠷᠣᠯᠴᠠᠭᠴᠢ ᠶᠢᠨ ᠰᠠᠨᠠᠯ ᠪᠤᠳᠤᠯ ᠢ ᠴᠠᠭ ᠲᠤᠬᠠᠢ ᠳᠤᠨᠢ ᠬᠤᠪᠢᠶᠠᠯᠴᠠᠭᠰᠠᠨ ᠢᠶᠠᠷ ᠰᠢᠭᠤᠳ ᠨᠡᠪᠲᠡᠷᠡᠭᠦᠯᠭᠡ ᠶᠢ ᠦᠵᠡᠭᠰᠡᠨ ᠬᠥᠮᠥᠨ ᠤ ᠲᠤᠭ᠎ᠠ 1 ᠲᠦᠮᠡ ᠬᠦᠷᠴᠦ᠂ ᠤᠷᠮᠠᠰᠢᠭᠤᠯᠤᠯ ᠳᠠᠷᠤᠮ ᠤᠨ ᠲᠤᠭ᠎ᠠ 17 ᠲᠦᠮᠡ ᠭᠠᠷᠴᠤ᠂ ᠦᠵᠡᠭᠴᠢ ᠤᠩᠰᠢᠭᠴᠢᠳ ᠤᠨ ᠬᠠᠯᠠᠭᠤᠨ ᠬᠦᠷᠢᠶᠡᠯᠡᠯ ᠢᠶᠠᠷ ︽ᠮᠢᠨᠤ ᠪᠠᠭ᠋ᠠᠷᠬᠠᠯ︾ ᠭᠦᠯᠦᠭ ᠰᠢᠯᠵᠢᠶ᠎ᠡ ᠶᠢᠨ ᠸᠢᠳᠢᠤ᠋ ᠪᠢᠴᠢᠯᠭᠡ ᠶᠢᠨ ᠱᠠᠩᠨᠠᠯᠲᠤ ᠤᠷᠤᠯᠳᠤᠭᠠᠨ ᠲᠡᠭᠦᠰ ᠠᠮᠵᠢᠯᠲᠠ ᠲᠠᠢ ᠥᠨᠳᠥᠷᠯᠡᠵᠡᠢ᠃
     ᠬᠠᠮᠤᠭ ᠤᠨ ᠰᠢᠯᠢᠳᠡᠭ ᠪᠦᠲᠦᠭᠡᠯᠴᠢ ᠸᠢᠳᠢᠤ᠋ ᠪᠢᠴᠢᠯᠭᠡ ᠶᠢᠨ ᠵᠣᠬᠢᠶᠠᠨ ᠪᠦᠲᠦᠭᠡᠯᠴᠢ ᠶᠢᠨ ᠨᠢᠭᠡ ᠪᠤᠯᠬᠤ ᠣᠳᠣ ᠶᠠᠷᠢᠯᠴᠠᠭ᠎ᠠ ᠥᠭᠭᠦᠨ᠎ᠡ      ᠱᠠᠩᠨᠠᠯᠲᠤ ᠪᠦᠲᠦᠭᠡᠯ ᠵᠢᠴᠢ ᠵᠣᠬᠢᠶᠠᠨ ᠪᠦᠲᠦᠭᠡᠭᠴᠢᠳ      ᠨᠢᠭᠡᠳᠦᠭᠡᠷ ᠲᠡᠰ      1. ᠠᠳᠤᠭᠤᠨ ᠳᠤ ᠬᠠᠶᠢᠷᠠᠲᠠᠢ ᠠᠨᠤᠵᠢᠨ      ᠮᠦᠳᠠᠨ  ᠪᠦᠷᠢᠨᠰᠠᠶᠢᠨ ᠪᠠᠶᠠᠨᠬᠦᠦ        ᠪᠠᠭᠠᠷᠢᠨ ᠪᠠᠷᠠᠭᠤᠨ ᠬᠤᠰᠢᠭᠤᠨ ᠤ ᠳ᠋ᠠᠪᠠᠨ ᠪᠠᠯᠭᠠᠰᠤ      2. ᠮᠠᠯᠴᠢ ᠬᠦᠦ      ᠱᠢ ᠲᠤᠶᠠᠭ᠎ᠠ      ᠠᠯᠠᠱᠠ ᠵᠡᠭᠦᠨ ᠬᠤᠰᠢᠭᠤᠨ ᠤ  ᠪᠠᠶᠠᠨᠬᠤᠲᠠ ᠪᠠᠯᠭᠠᠰᠤ      ᠬᠤᠶᠠᠳᠤᠭᠠᠷ ᠲᠡᠰ      1. ᠠᠩᠴᠢᠨ ᠤ ᠦᠯᠢᠭᠡᠷ      ᠰᠣᠳᠣᠪᠢᠯᠢᠭ᠌  ᠨᠠᠩᠵᠢᠳ      ᠰᠢᠯᠢ ᠶᠢᠨ ᠭᠤᠣᠯ ᠤᠨ ᠡᠳᠦᠷ ᠤᠨ ᠰᠣᠨᠢᠨ      2. ᠮᠢᠨᠤ ᠵᠣᠨ ᠤ ᠠᠮᠠᠷᠠᠯᠲᠠ      ᠮᠠᠨᠳᠤᠯ᠎ᠠ      ᠠᠷᠤ ᠬᠤᠷᠴᠢᠨ ᠬᠤᠰᠢᠭᠤᠨ ᠤ ᠪᠠᠶᠠᠨ᠋ᠥ᠌ᠨᠳᠦᠷ ᠰᠤᠮᠤ      3. ᠬᠡᠦᠬᠡᠳ ᠨᠣᠬᠠᠢ ᠬᠤᠶᠠᠷ      ᠴᠡᠯᠮᠡᠭ      ᠬᠥᠯᠥᠨ ᠪᠤᠶᠢᠷ ᠬᠤᠳᠠ ᠶᠢᠨ ᠰᠢᠨ᠎ᠡ ᠪᠠᠷᠭᠤ ᠵᠡᠭᠦᠨ ᠬᠤᠰᠢᠭᠤ      4. ᠭᠢᠶ᠎ᠠ ᠪᠠᠭᠰᠢ      ᠰᠡᠴᠡᠨ        ᠣᠷᠳᠣᠰ ᠬᠤᠳᠠ ᠶᠢᠨ ᠭᠢᠶ᠎ᠠ ᠪᠠᠭᠰᠢ ᠰᠢᠨ᠎ᠡ ᠲᠣᠭᠤᠷᠢᠭ      ᠭᠤᠷᠪᠠᠳᠤᠭᠠᠷ ᠲᠡᠰ      1.ᠨᠤᠲᠤᠭ ᠵᠦᠭ ᠤᠨ ᠰᠡᠳᠬᠢᠯ      ᠴᠠᠰᠤᠨ᠎ᠠ      ᠪᠡᠭᠡᠵᠢᠩ ᠬᠤᠳᠠ ᠶᠢᠨ ᠬᠠᠢ ᠳ᠋ᠢᠶᠠᠨ ᠲᠣᠭᠤᠷᠢᠭ      2. ᠰᠠᠶᠢᠷᠠᠮ ᠤᠨ ᠨᠠᠭᠤᠷ      ᠨᠠᠨᠳᠢᠨ      ᠰᠢᠨᠵᠢᠶᠠᠩ ᠤᠨ ᠪᠣᠷᠤᠲᠠᠯ᠎ᠠ ᠵᠧᠦ      3.ᠮᠣᠷᠢᠲᠠᠢ ᠴᠠᠭᠳᠠᠭ᠎ᠠ      ᠭᠠᠩᠭᠠᠩ ᠤᠳᠤᠨ ᠪᠠᠢ ᠰᠡᠴᠡᠨ      ᠬᠠᠭᠤᠴᠢᠨ ᠪᠠᠷᠭᠤ ᠬᠤᠰᠢᠭᠤᠨ ᠤ ᠬᠠᠮ ᠵᠠᠭᠤᠴᠢᠯᠠᠭᠤᠷ ᠤᠨ ᠲᠥᠪ      4.ᠣᠷᠳᠣᠰ ᠤᠨ ᠴᠢᠪᠠᠭ᠎ᠠ ᠲᠠᠢ ᠪᠤᠭᠤᠷᠰᠤᠭ      ᠰᠢᠨᠵᠢᠯᠡ  ᠤᠶᠠᠬᠠᠨ ᠰᠣᠷᠭᠤᠭ  ᠬᠦᠰᠡᠯ        ᠥᠪᠥᠷ ᠮᠣᠩᠭᠤᠯ ᠤᠨ ᠶᠡᠭᠡ ᠰᠤᠷᠭᠠᠭᠤᠯᠢ      5.ᠲᠡᠭᠷᠢ ᠶᠢᠨ ᠠᠮᠢᠳᠠᠨ      ᠰᠤᠷᠭᠠᠯᠲᠤ      ᠰᠢᠯᠢ ᠶᠢᠨ ᠭᠤᠣᠯ ᠤᠨ ᠡᠳᠦᠷ ᠤᠨ ᠰᠣᠨᠢᠨ      6.ᠥᠷᠯᠥᠭ ᠤᠨ ᠲᠡᠮᠡᠦᠯᠦᠯ      ᠨᠠᠰᠤᠨᠳᠠᠯᠠᠢ      ᠰᠢᠯᠢ ᠶᠢᠨ ᠭᠤᠣᠯ  ᠠᠶᠢᠮᠠᠭ ᠤᠨ ᠰᠢᠯᠤᠭᠤᠨ ᠬᠥᠪᠡᠭᠡᠲᠦ  ᠴᠠᠭᠠᠨ  ᠬᠤᠰᠢᠭᠤ      7.ᠮᠢᠨᠤ ᠡᠵᠢ ᠮᠠᠯᠴᠢᠨ      ᠭᠡᠷᠡᠯᠰᠤᠪᠤᠳ      ᠤᠯᠠᠭᠠᠨᠬᠠᠳᠠ ᠶᠢᠨ ᠡᠳᠦᠷ ᠤᠨ ᠰᠣᠨᠢᠨ      8.ᠮᠢᠨᠤ ᠨᠤᠲᠤᠭ ᠤᠨ ᠲᠡᠭᠷᠢ      ᠣᠶᠣᠨ      ᠭᠢᠷᠢᠨ ᠮᠤᠵᠢ ᠶᠢᠨ ᠰᠢᠶᠠᠩ ᠬᠠᠢ ᠰᠢᠶᠠᠨ      9.ᠠᠮᠢᠰᠬᠤᠯ      ᠪᠠᠶᠠᠨᠴᠢᠯᠦᠭᠡᠳᠦ      ᠲᠥᠪ ᠤᠨ ᠦᠨᠳᠦᠰᠦᠲᠡᠨ ᠤ ᠶᠡᠭᠡ ᠰᠤᠷᠭᠠᠭᠤᠯᠢ      10.ᠥᠨᠥᠴᠢᠨ ᠬᠤᠶᠠᠷ ᠬᠡᠦᠬᠡᠳ ᠪᠤᠶᠤ ᠡᠭᠡᠴᠢ ᠳᠡᠭᠦᠦ ᠶᠢᠨ ᠪᠣᠯᠵᠤᠭ᠎ᠠ      ᠳᠠᠪᠰᠢᠯᠲᠤ ᠰᠣᠳᠣᠪᠠᠶᠠᠷ ᠰᠡᠴᠡᠨᠪᠠᠲᠤ ᠶᠠᠩ ᠰᠡᠴᠡᠨ      ᠠᠯᠠᠱᠠ ᠠᠶᠢᠮᠠᠭ ᠤᠨ ᠬᠠᠮ ᠵᠠᠭᠤᠴᠢᠯᠠᠭᠤᠷ ᠤᠨ ᠲᠥᠪ
     ᠬᠠᠮᠤᠭ ᠤᠨ ᠰᠢᠯᠢᠳᠡᠭ ᠪᠦᠲᠦᠭᠡᠯᠴᠢ ᠸᠢᠳᠢᠤ᠋ ᠪᠢᠴᠢᠯᠭᠡ      ᠬᠦᠷᠭᠡᠨ ᠳᠡᠭᠡᠨ ᠪᠢᠴᠢᠭᠰᠡᠨ ᠠᠪᠤ ᠶᠢᠨ ᠵᠠᠬᠢᠳᠠᠯ      ᠲᠠᠭᠤᠯᠠ          ᠭᠦᠭᠡᠬᠤᠳᠠ ᠦᠨᠳᠦᠰᠦᠲᠡᠨ ᠤ ᠳᠡᠭᠡᠳᠦ ᠰᠤᠷᠭᠠᠭᠤᠯᠢ      ᠬᠠᠮᠤᠭ ᠤᠨ ᠰᠢᠯᠢᠳᠡᠭ ᠦᠯᠢᠭᠡᠷᠲᠦ ᠸᠢᠳᠢᠤ᠋ ᠪᠢᠴᠢᠯᠭᠡ      ᠭᠤᠪᠢ ᠨᠤᠲᠤᠭ ᠤᠨ ᠭᠡᠷᠡᠯ ᠭᠡᠭᠡ      ᠨᠠᠷᠠᠨᠲᠤᠶᠠᠭ᠎ᠠ ᠰᠣᠳᠣᠪᠠᠶᠠᠷ ᠳᠠᠪᠰᠢᠯᠲᠤ ᠮᠸᠢ ᠵᠢᠤᠸᠠᠨ      ᠠᠯᠲᠠᠨᠯᠤᠤ ᠡᠷᠳᠡᠨᠢᠴᠡᠴᠡᠭ ᠶᠠᠩ ᠰᠡᠴᠡᠨ      ᠠᠯᠠᠱᠠ ᠠᠶᠢᠮᠠᠭ ᠤᠨ ᠬᠠᠮ ᠵᠠᠭᠤᠴᠢᠯᠠᠭᠤᠷ ᠤᠨ ᠲᠥᠪ      ᠬᠠᠮᠤᠭ ᠠᠴᠠ ᠲᠠᠭᠠᠰᠢᠶᠠᠭᠳᠠᠭᠰᠠᠨ ᠸᠢᠳᠢᠤ᠋ ᠪᠢᠴᠢᠯᠭᠡ      ᠨᠣᠬᠠᠢ ᠪᠠᠨ ᠤᠶᠠᠭ᠎ᠠ ᠲᠠᠢ ᠠᠪᠴᠤ ᠭᠠᠷᠤᠭᠠᠷᠠᠢ      ᠠᠶᠠᠨ᠎ᠠ ᠨᠠᠰᠤᠨᠳᠠᠯᠠᠢ      ᠤᠯᠠᠭᠠᠨᠴᠠᠪ ᠬᠤᠳᠠ ᠶᠢᠨ ᠵᠢᠨᠢᠩ ᠲᠣᠭᠤᠷᠢᠭ      ᠰᠢᠯᠢᠳᠡᠭ ᠲᠡᠰ     1. ᠭᠡᠷ ᠪᠠᠷᠢᠭᠰᠠᠨ ᠨᠢ      ᠰᠠᠷᠡᠨ᠎ᠠ      ᠥᠪᠥᠷ ᠮᠣᠩᠭᠤᠯ ᠤᠨ ᠠᠵᠤ ᠦᠢᠯᠡᠳᠪᠦᠷᠢ ᠶᠢᠨ ᠶᠡᠭᠡ ᠰᠤᠷᠭᠠᠭᠤᠯᠢ      2. ᠰᠠᠭᠠᠯᠢ ᠶᠢᠨ ᠠᠷᠢᠬᠢ ᠰᠡᠩᠭᠢᠨᠡᠨ᠎ᠡ      ᠬᠦᠰᠡᠯ      ᠪᠠᠶᠠᠨᠨᠠᠭᠤᠷ ᠤᠨ ᠡᠳᠦᠷ ᠤᠨ ᠰᠣᠨᠢᠨ      3.  ᠴᠤᠷ᠎ᠠ      ᠠᠨᠢᠷ      ᠰᠢᠯᠢ ᠶᠢᠨ ᠭᠤᠣᠯ ᠠᠶᠢᠮᠠᠭ ᠤᠨ ᠰᠢᠯᠤᠭᠤᠨ ᠬᠥᠬᠡ ᠬᠤᠰᠢᠭᠤ      4. ᠨᠤᠲᠤᠭ ᠤᠨ ᠵᠠᠯᠠᠭᠤᠰ ᠨᠠᠭᠠᠳᠤᠮ ᠴᠢᠮᠡᠨ᠎ᠡ      ᠪᠤᠶᠠᠨᠲᠤ      ᠦᠦᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ      5. ᠮᠣᠷᠢᠲᠠᠨ ᠤ ᠵᠢᠪᠬᠤᠭ᠎ᠠ      ᠴᠡᠯᠡᠭᠡᠷ      ᠪᠠᠶᠠᠨᠨᠠᠭᠤᠷ ᠤᠨ ᠡᠳᠦᠷ ᠤᠨ ᠰᠣᠨᠢᠨ      6. ᠮᠠᠯᠴᠢᠨ ᠤ ᠨᠢᠭᠡ ᠡᠳᠦᠷ      ᠠᠩᠬᠢᠯᠤᠮ᠎ᠠ  ᠨᠠᠷᠠᠨᠬᠦᠦ        ᠬᠥᠯᠥᠨ ᠪᠤᠶᠢᠷ ᠬᠤᠳᠠ ᠶᠢᠨ ᠷᠠᠳᠢᠣ᠋ ᠲᠧᠯᠸᠢᠰ ᠲᠣᠪᠴᠢᠶ᠎ᠠ      7. ᠠᠳᠤᠭᠤ ᠳᠡᠯᠯᠡᠬᠦ ᠡᠳᠦᠷ ᠢᠶᠠᠷ      ᠤᠷᠠᠨᠲᠠᠨ᠎ᠠ        ᠬᠠᠩᠭᠢᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ      8. ᠮᠠᠯ ᠬᠠᠷᠢᠭᠤᠯᠳᠠᠭ 8 ᠨᠠᠰᠤᠲᠠᠢ ᠥᠬᠢᠨ      ᠬᠦᠰᠡᠯ      ᠤᠯᠠᠭᠠᠨᠴᠠᠪ ᠬᠤᠳᠠ ᠶᠢᠨ ᠬᠠᠮ ᠵᠠᠭᠤᠴᠢᠯᠠᠭᠤᠷ ᠤᠨ ᠲᠥᠪ      9. ᠦᠨᠢᠶ᠎ᠡ ᠲᠣᠭᠤᠯ ᠮᠥᠭᠡᠷᠡᠯᠳᠦᠬᠦ ᠳᠤ      ᠬᠠᠷᠠᠬᠦᠦ      ᠤᠯᠠᠭᠠᠨᠬᠠᠳᠠ ᠶᠢᠨ ᠡᠳᠦᠷ ᠤᠨ ᠰᠣᠨᠢᠨ ᠤ ᠬᠤᠷᠢᠶ᠎ᠠ      10. ᠰᠠᠭᠠᠯᠢᠴᠢᠨ ᠪᠦᠰᠡᠭᠦᠢ      ᠦᠨᠢᠪᠠᠳᠠᠷᠠ      ᠪᠤᠭᠤᠲᠤ ᠶᠢᠨ ᠲᠧᠯᠸᠢᠰ ᠬᠤᠷᠢᠶ᠎ᠠ
     11. ᠦᠵᠦᠮᠦᠴᠢᠨ ᠨᠡᠭᠦᠳᠡᠯ      ᠪᠥᠬᠡᠪᠢᠯᠢᠭ      ᠵᠡᠭᠦᠨ ᠦᠵᠦᠮᠦᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ      12. ᠠᠶᠢᠪᠤᠭᠤ ᠲᠠᠶᠢᠪᠤᠭᠤᠬᠠᠨ      ᠤᠶᠠᠬᠠᠨ      ᠰᠥᠨᠢᠳ ᠵᠡᠭᠦᠨ ᠬᠤᠰᠢᠭᠤ      13. ᠭᠦᠳᠡᠯᠮᠦᠷᠢ ᠶᠢᠨ ᠬᠥᠮᠦᠵᠢᠯ      ᠮᠸᠢ ᠬᠤᠸᠠ      ᠤᠯᠠᠭᠠᠨᠬᠤᠲᠠ      14. ᠴᠠᠭᠠᠨ ᠥᠷᠪᠢ ᠶᠢᠨ ᠳᠤᠯᠠᠭᠠᠨ ᠪᠠᠭᠤᠴᠠ      ᠳ᠋ᠦᠩ ᠢᠦᠢ ᠯᠠᠨ  ᠯᠢᠶᠠᠩ ᠶᠦᠡᠭ ᠹᠧᠩ  ᠪᠠᠢ ᠶᠠᠨ ᠯᠢᠩ      ᠬᠤᠷᠴᠢᠨ ᠪᠠᠷᠠᠭᠤᠨ ᠭᠠᠷᠤᠨ ᠲᠤᠮᠳᠠᠳᠤ ᠬᠤᠰᠢᠭᠤᠨ ᠤ ᠬᠠᠮ ᠵᠠᠭᠤᠴᠢᠯᠠᠭᠤᠷ ᠤᠨ ᠲᠥᠪ      15. ᠵᠤᠰᠠᠭᠠᠯ ᠵᠦᠭ ᠢᠶᠠᠨ      ᠵᠢᠪᠬᠤᠯᠠᠩ      ᠠᠷᠤ ᠬᠤᠷᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ      16. ᠲᠦᠷᠪᠡᠨ ᠴᠠᠭ ᠤᠨ ᠪᠠᠷᠭᠤ      ᠸᠠᠩ ᠰᠢᠶᠣᠣ ᠹᠧᠢ ᠰᠠᠴᠤᠷᠠ      ᠰᠢᠨ᠎ᠡ ᠪᠠᠷᠭᠤ ᠵᠡᠭᠦᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ      17. ᠬᠤᠭ      ᠽᠠᠨᠳᠠᠨ      ᠭᠦᠭᠡᠬᠤᠳᠠ ᠦᠨᠳᠦᠰᠦᠲᠡᠨ ᠤ ᠰᠤᠷᠭᠠᠭᠤᠯᠢ      18. ᠤᠯᠠᠪᠤᠷ ᠨᠠᠪᠴᠢᠰ ᠤᠨ ᠲᠣᠪᠴᠢᠶᠠᠨ      ᠪᠤᠤ ᠶᠢᠨ ᠰᠦᠸᠧ      ᠲᠦᠩᠯᠢᠶᠣᠣ ᠬᠤᠳᠠ      19. ᠬᠥᠪᠴᠢ ᠶᠢᠨ ᠡᠯᠡᠰᠦᠨ ᠳᠤ      ᠬᠠᠰᠯᠤᠤ ᠮᠦᠷᠡᠡᠳᠡᠯᠭᠡᠷ      ᠬᠠᠩᠭᠢᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ      20. ᠠᠷᠠᠰᠤ ᠤᠳᠤᠬᠤ      ᠪᠠᠷᠰ ᠮᠥᠩᠭᠦᠨᠪᠠᠭᠠᠨ᠎ᠠ      ᠵᠡᠭᠦᠨ ᠦᠵᠦᠮᠦᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ
     21. ᠲᠠᠩᠰᠤᠭ ᠤᠯᠠᠷᠢᠯ      ᠤᠨᠳᠤᠷᠤᠮᠠᠯ  ᠰᠢᠶᠠᠩ ᠴᠦᠨ      ᠲᠦᠩᠯᠢᠶᠣᠣ ᠬᠤᠳᠠ ᠶᠢᠨ ᠬᠠᠮ ᠵᠠᠭᠤᠴᠢᠯᠠᠭᠤᠷ ᠤᠨ ᠲᠥᠪ      22. ᠲᠠᠰᠢᠮᠠᠭ      ᠢᠪᠡᠭᠡᠯ      ᠥᠪᠥᠷ ᠮᠣᠩᠭᠤᠯ ᠤᠨ ᠲᠧᠯᠸᠢᠰ ᠬᠤᠷᠢᠶ᠎ᠠ      23. ᠨᠡᠭᠦᠳᠡᠯ ᠤᠨ ᠲᠡᠮᠡᠭᠡᠳ      ᠠᠯᠳᠠᠷᠲᠤ      ᠠᠯᠠᠱᠠ ᠵᠡᠭᠦᠨ ᠬᠤᠰᠢᠭᠤᠨ ᠤ ᠭᠡᠷᠡᠯ ᠵᠢᠷᠤᠭᠴᠢᠳ ᠤᠨ ᠨᠡᠶᠢᠭᠡᠮᠯᠢᠭ      24. ᠬᠦᠷᠢᠶ᠎ᠡ ᠨᠤᠲᠤᠭ ᠤᠨ ᠨᠠᠮᠤᠷ      ᠪᠤᠤ ᠯᠦᠩ  ᠮᠥᠩᠭᠦᠨᠭᠠᠷᠤᠳᠢ ᠠᠯᠮᠠᠰ      ᠲᠦᠩᠯᠢᠶᠣᠣ ᠬᠤᠳᠠ ᠶᠢᠨ ᠬᠦᠷᠢᠶ᠎ᠡ ᠬᠤᠰᠢᠭᠤ      25. ᠨᠣᠬᠠᠢ ᠪᠠᠨ ᠤᠶᠠᠭ᠎ᠠ ᠲᠠᠢ ᠠᠪᠴᠤ ᠭᠠᠷᠤᠭᠠᠷᠠᠢ      ᠠᠶᠠᠨ᠎ᠠ  ᠨᠠᠰᠤᠨᠳᠠᠯᠠᠢ      ᠤᠯᠠᠭᠠᠨᠴᠠᠪ ᠬᠤᠳᠠ ᠶᠢᠨ ᠵᠢᠨᠢᠩ ᠲᠣᠭᠤᠷᠢᠭ      26. ᠮᠢᠩ ᠤᠨ ᠤᠷᠳᠤ ᠴᠠᠭᠠᠨ ᠬᠡᠷᠡᠮ      ᠰᠡᠴᠡᠨᠪᠠᠲᠤ      ᠠᠯᠠᠱᠠ ᠠᠶᠢᠮᠠᠭ ᠤᠨ ᠬᠠᠮ ᠵᠠᠭᠤᠴᠢᠯᠠᠭᠤᠷ ᠤᠨ ᠲᠥᠪ      27. ᠠᠭᠤᠯᠠ ᠶᠢᠨ ᠰᠠᠶᠢᠬᠠᠨ ᠤᠷᠭᠤᠭ᠎ᠠ ᠴᠢᠯᠠᠭᠤᠳ      ᠬᠠᠰᠲᠤᠶᠠᠭ᠎ᠠ ᠬᠦᠰᠡᠯ ᠡᠷᠬᠢᠮ ᠸᠧᠨ ᠬᠤᠸᠠ      ᠪᠠᠭᠠᠷᠢᠨ ᠵᠡᠭᠦᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ      28. ᠮᠥᠷ      ᠶᠦᠩᠷᠦᠩᠪᠠᠯ      ᠦᠦᠰᠢᠨ ᠬᠤᠰᠢᠭᠤᠨ ᠤ ᠰᠦᠯᠳᠡ ᠰᠤᠮᠤ      29. ᠬᠡᠭᠡᠷ᠎ᠡ ᠶᠢᠨ ᠠᠮᠢᠳᠠᠨ ᠤ ᠬᠦᠷᠢᠶᠡᠯᠡᠩ ᠳᠤ      ᠺᠠᠩ ᠵᠧᠩ ᠰᠢᠦᠢ  ᠬᠤᠷᠴᠠ      ᠭᠦᠭᠡᠬᠤᠳᠠ ᠦᠨᠳᠦᠰᠦᠲᠡᠨ ᠤ ᠳᠡᠭᠡᠳᠦ ᠰᠤᠷᠭᠠᠭᠤᠯᠢ      30. ᠥᠨᠳᠦᠷᠯᠢᠭ ᠤᠨ ᠠᠳᠤᠭᠤᠳ      ᠴᠣᠯᠠ      ᠬᠥᠬᠡᠨᠠᠭᠤᠷ ᠮᠤᠵᠢ ᠶᠢᠨ ᠬᠠᠶᠢᠰᠢ ᠵᠧᠦ
     ︵ᠵᠢᠷᠤᠭ ᠤᠨ ᠲᠠᠶᠢᠯᠪᠤᠷᠢ ᠲᠠᠢ ᠠᠴᠠ ᠪᠤᠰᠤᠳ ᠵᠢᠷᠤᠭ ᠨᠢ ᠪᠦᠷ ᠤᠷᠤᠯᠳᠤᠭᠠᠨ ᠳᠤ ᠰᠢᠯᠭᠠᠷᠠᠭᠰᠠᠨ ᠸᠢᠳᠢᠤ᠋ ᠪᠢᠴᠢᠯᠭᠡ ᠶᠢᠨ ᠪᠦᠲᠦᠭᠡᠯ ᠤᠨ ᠦᠵᠡᠭᠳᠡᠯ ᠪᠣᠯᠣᠨ᠎ᠠ︶
 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10000440号