| | ᠨᠢᠭᠡ | | | ᠬᠠᠶᠢᠷ᠎ᠠ ᠰᠡᠳᠬᠢᠯ ᠤᠨ ᠬᠢᠮᠤᠷᠠᠯ ᠠᠴᠠ ᠪᠣᠯᠵᠤ ᠨᠥᠬᠦᠷ ᠠᠴᠠ ᠪᠠᠨ ᠰᠠᠯᠤᠭᠠᠳ ᠵᠢᠯ ᠭᠠᠷᠤᠢ ᠪᠣᠯᠴᠢᠬᠠᠯ᠎ᠠ᠃ | | | ᠪᠠᠶᠢᠭᠤᠯᠭ᠎ᠠ ᠶᠢᠨ ᠨᠡᠶᠢᠳᠡ ᠶᠢᠨ ᠪᠠᠶᠢᠷᠢ ᠳᠤ ᠭᠠᠭᠴᠠ ᠨᠢᠭᠡ ᠪᠦᠰᠡᠭᠦᠢ ᠬᠥᠮᠥᠨ ᠣᠷᠣᠩᠨᠠᠬᠤ ᠭᠡᠵᠦ ᠪᠠᠰᠠ | ᠴᠦ ᠬᠡᠴᠡᠭᠦᠦ ᠪᠣᠯᠬᠤᠷ ᠠᠷᠭ᠎ᠠ ᠪᠤᠰᠤ ᠲᠠᠨᠢᠯ ᠨᠠᠶᠢᠵᠠ ᠪᠠᠷ ᠢᠶᠠᠨ ᠰᠤᠷᠠᠭᠯᠠᠭᠤᠯᠵᠤ ᠪᠠᠶᠢᠭᠠᠳ ᠪᠠᠶᠢᠭᠤᠯᠭ᠎ᠠ ᠠᠴᠠ | ᠣᠶᠢᠷᠠᠬᠠᠨ ᠰᠠᠭᠤᠭᠠᠯᠢ ᠠᠷᠠᠳ ᠤᠨ ᠲᠣᠭᠤᠷᠢᠭ ᠤᠨ ᠭᠤᠷᠪᠠᠳᠤᠭᠠᠷ ᠳᠠᠪᠬᠤᠷᠯᠢᠭ ᠲᠤ ᠨᠢᠭᠡ ᠤᠷᠤᠴᠠ | ᠲᠦᠷᠢᠶᠡᠰᠦᠯᠡᠪᠡ᠃ | | | ᠥᠷᠯᠥᠭᠡ ᠦᠳᠡᠰᠢ ᠠᠰᠠᠷ ᠤᠨ ᠱᠠᠲᠤ ᠪᠠᠷ ᠮᠠᠴᠤᠵᠤ ᠪᠠᠭᠤᠬᠤ ᠪᠣᠯᠭᠠᠨ ᠳᠡᠭᠡᠷ᠎ᠡ ᠤᠷᠤᠴᠠ ᠶᠢᠨ ᠵᠢᠭᠠᠯ ᠲᠠᠢ | ᠳᠠᠩᠳᠠ ᠠᠭᠤᠯᠵᠠᠨ᠎ᠠ᠃ ᠠᠭᠤᠯᠵᠠᠬᠤ ᠪᠣᠯᠭᠠᠨ ᠵᠢᠭᠠᠯ ᠬᠦᠦ ᠨᠠᠮᠠᠶᠢ ᠨᠢᠳᠦ ᠰᠠᠯᠭᠠᠯ ᠦᠭᠡᠢ ᠰᠢᠷᠳᠡᠨ᠎ᠠ᠂ ᠬᠠᠶᠠ ᠪᠠᠰᠠ | ᠱᠠᠲᠤᠨ ᠳᠡᠭᠡᠷ᠎ᠡ ᠵᠤᠭ ᠵᠣᠭᠰᠣᠵᠤ ᠮᠢᠨᠤ ᠠᠷᠤ ᠠᠴᠠ ᠤᠳᠠᠲᠠᠯ᠎ᠠ ᠰᠢᠷᠳᠡᠳᠡᠭ ᠢ ᠪᠢ ᠨᠢᠳᠦᠨ ᠪᠤᠯᠤᠩ ᠢᠶᠠᠷ ᠢᠶᠠᠨ | ᠣᠯᠠᠨᠲᠠ ᠬᠠᠷᠠᠭᠰᠠᠨ ᠶᠤᠮ᠃ ᠲᠡᠷᠡ ᠵᠢᠭᠠᠯ ᠤᠨ ᠤᠷᠳᠤ ᠰᠣᠷᠮᠤᠤᠰᠤ ᠲᠠᠢ ᠳᠦᠷᠯᠡᠭᠡᠷ ᠬᠠᠷ᠎ᠠ ᠨᠢᠳᠦ ᠶᠢ ᠬᠠᠷᠠᠬᠤ | ᠪᠦᠷᠢ ᠪᠢ ᠬᠦᠦ ᠪᠠᠨ ᠰᠠᠨᠠᠵᠤ ᠣᠯᠳᠠᠭ᠃ | | | ᠬᠥᠭᠡᠷᠦᠬᠦᠢ ᠬᠦᠦ ᠮᠢᠨᠢ ᠤᠳᠤ ᠬᠠᠮᠢᠭᠠᠭᠤᠷ ᠪᠠᠶᠢᠭ᠎ᠠ ᠪᠣᠯ ᠳ᠋ᠠ︖ | | | ᠨᠥᠬᠦᠷ ᠲᠠᠢ ᠪᠠᠨ ᠤᠷᠤᠭ ᠰᠠᠯᠬᠤ ᠦᠶ᠎ᠡ ᠳᠤ ᠬᠦᠦ ᠶᠢ ᠮᠢᠨᠢ ᠡᠪᠦᠭᠡ ᠡᠮᠡᠭᠡ ᠨᠢ ᠬᠥᠳᠡᠭᠡ ᠳᠡᠭᠡᠨ ᠠᠪᠤᠭᠠᠳ | ᠶᠠᠪᠤᠭᠰᠠᠨ ᠶᠤᠮ᠃ ᠠᠩᠬ᠎ᠠ ᠠᠩᠬᠠᠨ ᠳᠠᠭᠠᠨ ᠰᠠᠷ᠎ᠠ ᠳᠤ ᠨᠢᠭᠡ ᠤᠳᠠᠭ᠎ᠠ ᠨᠠᠳᠠ ᠲᠠᠢ ᠠᠭᠤᠯᠵᠠᠭᠤᠯᠳᠠᠭ ᠪᠠᠶᠢᠭᠰᠠᠨ | ᠪᠣᠯ ᠰᠡᠭᠦᠯᠳᠡᠵᠦ ᠢᠷᠡᠭᠡᠳ ᠪᠦᠷ ᠠᠭᠤᠯᠵᠠᠭᠤᠯᠬᠤ ᠪᠠᠨ ᠪᠣᠯᠢᠴᠢᠬᠠᠵᠠᠢ᠃ ᠬᠤᠵᠢᠮ ᠨᠢ ᠰᠣᠨᠣᠰᠬᠤᠯ᠎ᠠ ᠡᠪᠦᠭᠡ ᠡᠮᠡᠭᠡ | ᠨᠢ ᠣᠮᠪᠣᠯᠣ ᠪᠠᠨ ᠠᠪᠤᠭᠠᠳ ᠥᠭᠡᠷ᠎ᠡ ᠠᠶᠢᠮᠠᠭ ᠬᠤᠳᠠ ᠳᠤ ᠨᠡᠭᠦᠵᠦ ᠶᠠᠪᠤᠯ᠎ᠠ ᠭᠡᠨ᠎ᠡ᠃ ᠡᠬᠡ ᠦᠷ᠎ᠡ ᠶᠢᠨ ᠰᠡᠳᠬᠢᠯ | ᠭᠡᠵᠦ ᠶᠡᠷᠦᠨᠢ ᠲᠠᠲᠠᠯᠳᠤᠭᠠᠳ ᠪᠠᠶᠢᠳᠠᠭ ᠴᠦ ᠪᠣᠯᠪᠠᠤ ᠡᠳᠦᠷ ᠰᠥᠨᠢ ᠶᠢᠨ ᠬᠤᠪᠢᠨ ᠳᠤ ᠬᠦᠦ ᠮᠢᠨᠢ ᠰᠡᠳᠬᠢᠯ ᠠᠴᠠ | ᠭᠠᠷᠴᠤ ᠦᠭᠳᠡᠭ ᠦᠭᠡᠢ ᠨᠢ ᠠ᠋᠃ ᠨᠡᠩ ᠴᠦ ᠡᠨᠡ ᠬᠦ ᠰᠢᠨ᠎ᠡ ᠠᠰᠠᠷ ᠲᠤ ᠨᠡᠭᠦᠵᠦ ᠢᠷᠡᠭᠡᠳ ᠵᠢᠭᠠᠯ ᠬᠦᠦ ᠲᠠᠢ | ᠤᠴᠠᠷᠠᠬᠤ ᠪᠣᠯᠭᠠᠨ ᠬᠦᠦ ᠪᠠᠨ ᠰᠠᠨᠠᠬᠤ ᠰᠡᠳᠬᠢᠯ ᠨᠡᠩ ᠬᠦᠨᠳᠦ ᠪᠣᠯᠤᠭᠰᠠᠨ ᠪᠠᠶᠢᠯ᠎ᠠ᠃ | | | ᠬᠠᠶᠠ ᠪᠢ ᠪᠠᠰᠠ ᠲᠡᠷᠡ ᠵᠢᠭᠠᠯ ᠬᠦᠦ ᠳᠤ ᠡᠭᠳᠡᠭᠦᠴᠡᠬᠦ ᠰᠡᠳᠬᠢᠯ ᠲᠦᠷᠦᠨ᠎ᠡ᠃ ᠨᠡᠩ ᠴᠦ ᠲᠡᠭᠦᠨ ᠤ | ᠥᠮᠥᠳᠦᠨ ᠲᠠᠯᠠᠢ ᠠᠴᠠ ᠪᠠᠨ ᠵᠡᠭᠦᠭᠰᠡᠨ ᠨᠢᠭᠡ ᠪᠠᠭᠴᠠ ᠲᠦᠯᠬᠢᠭᠦᠷ ᠠᠴᠠ᠃ | | | ᠲᠡᠷᠡ ᠡᠳᠦᠷᠵᠢᠨ ᠲᠦᠯᠬᠢᠭᠦᠷ ᠱᠠᠷᠴᠢᠭᠢᠨᠠᠭᠤᠯᠤᠨ ᠠᠰᠠᠷ ᠤᠨ ᠱᠠᠲᠤ ᠪᠠᠷ ᠪᠠᠶᠢᠰᠬᠢᠭᠡᠳ ᠪᠠᠭᠤᠨ᠎ᠠ᠂ | ᠪᠠᠶᠢᠰᠬᠢᠭᠡᠳ ᠭᠠᠷᠤᠨ᠎ᠠ᠃ ᠪᠢ ᠳᠣᠲᠣᠷ᠎ᠠ ᠪᠠᠨ ᠳᠡᠭᠡᠷ᠎ᠡ ᠤᠷᠤᠴᠠ ᠶᠢᠨ ᠡᠨᠡ ᠬᠦ ᠠᠶᠢᠯ ᠤᠨ ᠠᠯᠢᠪᠠ ᠠᠵᠢᠯ ᠢ | ᠭᠠᠭᠴᠠ ᠡᠨᠡ ᠵᠢᠭᠠᠯ ᠯᠡ ᠬᠢᠵᠦ᠂ ᠲᠣᠮᠣᠴᠤᠤᠯ ᠨᠢ ᠭᠡᠵᠦ ᠴᠣᠬᠤᠮ ᠨᠢᠭᠡ ᠰᠢᠭᠢᠷ᠎ᠡ ᠪᠠᠨ ᠲᠦᠯᠡᠵᠦ ᠢᠳᠡᠭᠰᠡᠨ | ᠠᠯᠵᠠᠭᠤ ᠨᠣᠶᠠᠨ ᠪᠠᠶᠢᠵᠤ ᠳ᠋ᠠ ᠭᠡᠵᠦ ᠪᠤᠳᠤᠪᠠ᠃ | | | ᠰᠠᠭᠤᠭᠠᠯᠢ ᠲᠣᠭᠤᠷᠢᠭ ᠲᠤ ᠴᠠᠭᠢᠯᠭᠠᠨ ᠵᠣᠭᠰᠣᠭᠰᠠᠨ ᠨᠢᠭᠡ ᠦᠳᠡᠰᠢ᠂ ᠪᠢ ᠡᠷᠲᠡᠬᠡᠨ ᠰᠢᠭ ᠠᠮᠠᠷᠠᠶ᠎ᠠ ᠭᠡᠵᠦ | ᠣᠷᠣᠨ ᠳᠠᠭᠠᠨ ᠰᠢᠷᠭᠤᠯ᠎ᠠ᠃ ᠨᠢᠳᠦ ᠪᠠᠨ ᠠᠨᠢᠨ ᠪᠠᠭ᠋ᠠᠨ ᠵᠡᠭᠦᠷᠮᠡᠭᠯᠡᠲᠡᠯᠡ᠂ ᠵᠢᠭᠠᠯ ᠬᠦᠦ ᠲᠦᠯᠬᠢᠭᠦᠷ | ᠱᠠᠷᠴᠢᠭᠢᠨᠠᠭᠤᠯᠤᠨ ᠭᠦᠶᠦᠵᠦ ᠢᠷᠡᠭᠡᠳ ᠡᠭᠦᠳᠡᠨ ᠬᠤᠩᠬᠤ ᠶᠢ ᠵᠢᠵᠢᠭᠢᠨᠡᠭᠦᠯᠪᠡ᠃ | | | ︽ᠬᠥᠮᠥᠨ ᠢ ᠠᠮᠤᠷ ᠵᠢᠮᠤᠷ ᠪᠠᠶᠢᠯᠭᠠᠳᠠᠭ ᠦᠭᠡᠢ ᠶᠠᠮᠠᠷ ᠬᠠᠴᠢᠨ ᠲᠦᠢᠳᠬᠡᠷ ᠪᠤᠢ︾ ᠭᠡᠵᠦ ᠠᠭᠤᠷᠯᠠᠭᠰᠠᠨ | ᠬᠦᠴᠦᠨ ᠳᠡᠭᠡᠨ ᠪᠢ ᠴᠢᠷᠦᠭᠦᠯ ᠱᠠᠬᠠᠢ ᠪᠠᠨ ᠴᠦ ᠤᠭᠯᠠᠯ ᠦᠭᠡᠢ ᠭᠦᠶᠦᠨ ᠬᠦᠷᠴᠦ᠂ ᠠᠭᠤᠷᠲᠠᠢ ᠰᠢᠭ᠋ ᠡᠭᠦᠳᠡ ᠪᠠᠨ | ᠨᠡᠭᠡᠭᠡᠪᠡᠯ᠂ ᠵᠢᠭᠠᠯ ᠬᠦᠦ ᠭᠠᠷ ᠲᠠᠭᠠᠨ ᠨᠢᠭᠡᠨ ᠯᠠ ᠠᠳᠬᠤᠴᠢᠬᠠᠭᠰᠠᠨ᠄ ︽ᠠᠨᠢᠶ᠎ᠠ ᠠ᠋᠂ ᠴᠠᠭᠢᠯᠭᠠᠨ ᠵᠣᠭᠰᠣᠴᠢᠬᠠᠵᠠᠢ᠂ | ᠬᠠᠷᠠᠩᠭᠤᠢ ᠳᠤ ᠲᠠᠨ ᠢ ᠠᠶᠤᠭᠤᠵᠠᠢ ᠬᠡᠮᠡᠨ ᠡᠵᠢ ᠴᠢᠮ᠎ᠠ ᠳᠤ ᠬᠦᠷᠭᠡᠭᠦᠯᠦᠭᠰᠡᠨ ᠶᠤᠮ᠂ ᠮᠢᠨᠤ ᠡᠵᠢ ᠬᠡᠳᠦᠶᠢᠪᠡᠷ | ᠬᠠᠷᠠᠭ᠎ᠠ ᠪᠠᠨ ᠠᠯᠳᠠᠵᠤ ᠭᠡᠷᠡᠯ ᠭᠡᠭᠡ ᠪᠠ ᠪᠦᠷᠬᠦᠭ ᠬᠠᠷᠠᠩᠭᠤᠢ ᠶᠢ ᠢᠯᠭᠠᠵᠤ ᠳᠡᠶᠢᠯᠳᠡᠭ ᠦᠭᠡᠢ ᠴᠦ ᠥᠷᠥᠪᠴᠢ | ᠵᠥᠭᠡᠯᠡᠬᠡᠨ ᠰᠡᠳᠬᠢᠯ ᠲᠠᠢ ᠬᠥᠮᠥᠨ ᠰᠢᠤ︾ ᠭᠡᠵᠦ ᠳᠦᠷᠯᠡᠭᠡᠷ ᠬᠠᠷ᠎ᠠ ᠨᠢᠳᠦ ᠪᠠᠨ ᠴᠠᠪᠴᠢᠯᠠᠨ᠂ ᠬᠠᠨᠴᠤᠢ ᠪᠠᠷ ᠢᠶᠠᠨ | ᠬᠥᠯᠥᠰᠦ ᠪᠤᠷᠴᠠᠭᠯᠠᠭᠰᠠᠨ ᠬᠠᠯᠲᠠᠷ ᠮᠠᠩᠨᠠᠢ ᠪᠠᠨ ᠵᠦᠯᠭᠦᠵᠦ ᠪᠠᠶᠢᠭ᠎ᠠ ᠬᠥᠭᠡᠷᠦᠬᠦᠶᠢᠯᠡᠯᠲᠡᠢ ᠠᠳᠠᠯ᠎ᠠ ᠪᠠᠨ ᠠᠶᠤᠵᠤ | ᠡᠮᠢᠶᠡᠭᠰᠡᠨ ᠲᠥᠷᠬᠦ ᠨᠢ ᠭᠠᠷ ᠤᠲᠠᠰᠤᠨ ᠤ ᠪᠦᠳᠡᠭᠢᠬᠡᠨ ᠭᠡᠷᠡᠯ ᠳᠤ ᠲᠣᠳᠣᠷᠬᠠᠢ ᠬᠠᠷᠠᠭᠳᠠᠪᠠ᠃ ᠣᠷᠭᠢᠯᠤᠨ | ᠪᠤᠴᠠᠯᠤᠭᠰᠠᠨ ᠠᠭᠤᠷ ᠣᠮᠤᠭ ᠲᠡᠷᠡ ᠳᠣᠣᠷ᠎ᠠ ᠪᠠᠨ ᠨᠠᠮᠬᠠᠷᠠᠵᠤ᠂ ᠶᠠᠭᠤ ᠬᠡᠯᠡᠬᠦ ᠪᠠᠨ ᠣᠯᠵᠤ ᠶᠠᠳᠠᠭᠰᠠᠨ ᠪᠢ | ᠥᠪᠡᠷ ᠤᠨ ᠡᠷᠬᠡ ᠦᠭᠡᠢ ᠲᠡᠷᠡᠬᠦ ᠵᠢᠭᠠᠯ ᠢ ᠡᠯᠢᠭᠡᠨ ᠳᠡᠭᠡᠨ ᠲᠡᠪᠡᠷᠢᠨ ᠠᠪᠤᠯ᠎ᠠ᠃ ᠬᠡᠳᠦᠢ ᠤᠳᠠᠭᠰᠠᠨ ᠢ ᠮᠡᠳᠡᠭᠰᠡᠨ | ᠦᠭᠡᠢ᠃ ᠵᠢᠭᠠᠯ ᠬᠦᠦ ᠮᠢᠨᠤ ᠭᠠᠷ ᠠᠴᠠ ᠮᠤᠯᠲᠤᠷᠠᠨ ᠨᠠᠳᠬᠤᠭᠰᠠᠨ ᠢᠨᠵᠠᠭ᠎ᠠ ᠰᠢᠭ᠋ ᠪᠠᠶᠠᠰᠤᠯᠲᠠᠢ ᠨᠢ ᠠᠷᠭ᠎ᠠ ᠦᠭᠡᠢ | ᠲᠦᠯᠬᠢᠭᠦᠷ ᠢᠶᠠᠨ ᠱᠠᠷᠴᠢᠭᠢᠨᠠᠭᠤᠯᠤᠭᠰᠠᠭᠠᠷ ᠱᠠᠲᠤ ᠥᠭᠰᠥᠨ ᠦᠰᠦᠷᠬᠢᠯᠡᠨ ᠣᠳᠪᠠ ᠁ | | | ᠪᠢ ᠵᠢᠭᠠᠯ ᠬᠦᠦ ᠶᠢᠨ ᠬᠦᠷᠭᠡᠵᠦ ᠢᠷᠡᠭᠰᠡᠨ ᠯᠠ ᠶᠢ ᠠᠳᠬᠤᠭᠰᠠᠭᠠᠷ ᠬᠠᠭᠠᠰ ᠨᠡᠭᠡᠭᠡᠯᠲᠡᠲᠡᠢ ᠬᠠᠭᠠᠯᠭᠠᠨ | ᠳᠡᠭᠡᠷ᠎ᠡ ᠪᠠᠨ ᠤᠳᠠᠲᠠᠯ᠎ᠠ ᠮᠡᠯᠡᠷᠡᠨ ᠵᠣᠭᠰᠣᠯ᠎ᠠ᠃ | | | ᠨᠢᠭᠡ ᠮᠡᠳᠡᠬᠦ ᠳᠤ ᠲᠦᠨᠡᠷ ᠬᠠᠷᠠᠩᠭᠤᠢ ᠠᠰᠠᠷ ᠤᠨ ᠭᠤᠳᠤᠮᠵᠢ ᠪᠠ ᠮᠢᠨᠤ ᠪᠤᠳᠤᠯ ᠰᠡᠳᠬᠢᠯ ᠰᠢᠭ | ᠢᠪᠴᠤᠤᠬᠠᠨ ᠵᠢᠵᠢᠭ ᠥᠷᠥᠭᠡᠨ ᠳᠤ ᠲᠡᠷᠡᠬᠡᠨ ᠵᠠᠭᠤᠷ᠎ᠠ ᠲᠦᠮᠡ ᠮᠢᠩᠭᠠᠨ ᠰᠢᠷᠬᠡᠭ ᠯᠠ ᠵᠡᠷᠭᠡ ᠳᠡᠭᠡᠨ ᠳᠤᠸᠠᠯᠠᠭᠰᠠᠨ | ᠰᠢᠭ᠋ ᠭᠡᠷᠡᠯ ᠭᠡᠭᠡ ᠲᠠᠢ ᠪᠣᠯᠪᠠ ᠁ | | | ᠬᠤᠶᠠᠷ | | | ᠠᠰᠠᠷ ᠤᠨ ᠱᠠᠲᠤ ᠪᠠᠷ ᠭᠠᠷᠴᠤ ᠪᠠᠭᠤᠬᠤ ᠪᠣᠯᠭᠠᠨ ᠵᠢᠭᠠᠯ ᠬᠦᠦ ᠲᠠᠢ ᠡᠳᠦᠷ ᠤᠨ ᠭᠡᠳᠦ ᠤᠳᠠᠭ᠎ᠠ ᠤᠴᠠᠷᠠᠨ᠎ᠠ᠃ | ᠲᠡᠭᠦᠨ ᠲᠠᠢ ᠤᠴᠠᠷᠠᠬᠤ ᠪᠣᠯᠭᠠᠨ ᠲᠡᠷᠡᠬᠦ ᠤᠷᠳᠤ ᠰᠣᠷᠮᠤᠤᠰᠤ ᠲᠠᠢ ᠭᠡᠷᠡᠯ ᠲᠠᠲᠠᠭᠰᠠᠨ ᠳᠦᠷᠯᠡᠭᠡᠷ ᠬᠠᠷ᠎ᠠ ᠨᠢᠳᠦ | ᠨᠠᠮᠠᠶᠢ ᠰᠠᠯᠭᠠᠯ ᠦᠭᠡᠢ ᠰᠢᠷᠳᠡᠵᠦ᠂ ᠡᠳᠦᠷ ᠤᠨ ᠤᠳᠠᠭᠠᠨ ᠳᠠᠭᠠᠨ ᠲᠡᠷᠡᠬᠦ ᠳᠦᠷᠯᠡᠭᠡᠷ ᠬᠠᠷ᠎ᠠ ᠨᠢᠳᠦ ᠲᠤᠩ ᠲᠠᠰᠤᠯ | ᠪᠣᠯᠴᠢᠬᠠᠵᠠᠢ᠃ | | | ᠨᠢᠭᠡ ᠤᠳᠠᠭ᠎ᠠ ᠵᠢᠭᠠᠯ ᠬᠦᠦ ᠮᠥᠨ ᠯᠠ ᠲᠡᠭᠡᠵᠤ ᠨᠠᠮᠠᠶᠢ ᠨᠢᠳᠦ ᠰᠠᠯᠭᠠᠯ ᠦᠭᠡᠢ ᠰᠢᠷᠳᠡᠭᠰᠡᠭᠡᠷ ᠪᠠᠶᠢᠵᠤ | ᠬᠥᠯ ᠠᠯᠳᠠᠨ ᠠᠰᠠᠷ ᠤᠨ ᠱᠠᠲᠤᠨ ᠳᠤ ᠬᠠᠯᠲᠤ ᠭᠢᠰᠬᠢᠨ ᠪᠦᠳᠦᠷᠢᠨ ᠤᠨᠠᠪᠠ᠃ ᠵᠣᠯ ᠲᠠᠢ ᠳᠠᠭᠠᠨ ᠪᠢ ᠱᠠᠲᠤ | ᠥᠭᠰᠥᠨ ᠶᠠᠪᠤᠵᠤ ᠪᠠᠶᠢᠭᠰᠠᠨ ᠪᠣᠯᠬᠤᠷ ᠲᠡᠭᠦᠨ ᠢ ᠲᠡᠪᠡᠷᠢᠨ ᠠᠪᠤᠪᠠ᠃ ᠵᠢᠭᠠᠯ ᠬᠦᠦ ᠬᠥᠬᠡᠷᠡᠵᠦ ᠪᠣᠷᠣᠯᠠᠭᠰᠠᠨ | ᠡᠪᠦᠳᠦᠭ ᠢᠶᠠᠨ ᠲᠡᠮᠲᠡᠷᠢᠨ ᠰᠢᠨᠠᠯᠤᠨ ᠡᠪᠡᠳᠬᠦ ᠶᠢ ᠰᠢᠳᠤ ᠵᠠᠭᠤᠨ ᠲᠡᠰᠪᠦᠷᠢᠯᠡᠬᠦ ᠪᠤᠯᠪᠠᠴᠤ ᠳᠦᠷᠯᠡᠭᠡᠷ ᠬᠠᠷ᠎ᠠ | ᠨᠢᠳᠦᠨ ᠠᠴᠠ ᠪᠠᠨ ᠲᠤᠭᠤᠯᠠᠩ ᠨᠢᠯᠪᠤᠰᠤ ᠤᠨᠠᠭᠠᠪᠠ᠃ | | | ︽ᠭᠠᠶᠢᠭᠤᠢ ᠪᠠᠶᠢᠬ᠎ᠠ᠂ ᠮᠢᠨᠤ ᠬᠦᠦ᠂ ᠠᠨᠢᠶ᠎ᠠ ᠨᠢ ᠦᠯᠢᠶᠡᠵᠦ ᠦᠭᠭᠦᠶ᠎ᠡ︾ ᠭᠡᠳ ᠡᠪᠦᠳᠦᠭ ᠢ ᠨᠢ ᠦᠯᠢᠶᠡᠨ | ᠥᠭᠬᠦ ᠳᠤ ᠬᠦᠦ ᠨᠢᠯᠪᠤᠰᠤ ᠪᠠᠨ ᠠᠷᠴᠢᠨ ᠮᠡᠭᠰᠢᠭᠰᠡᠭᠡᠷ᠄ | | | ︽ᠮᠢᠨᠤ ᠡᠵᠢ ᠤᠤᠯ ᠳᠠᠭᠠᠨ ᠶᠠᠭ ᠯᠠ ᠠᠨᠢᠶ᠎ᠠ ᠲᠠᠨ ᠰᠢᠭ᠋ ᠤᠷᠳᠤ ᠰᠣᠷᠮᠤᠤᠰᠤ ᠲᠠᠢ᠂ ᠰᠠᠶᠢᠬᠠᠨ ᠠᠯᠠᠭ | ᠨᠢᠳᠦ ᠲᠠᠢ ᠪᠠᠶᠢᠭᠰᠠᠨ ᠰᠢᠤ᠂ ᠡᠭᠡᠴᠢ ᠲᠠᠨ ᠤ ᠨᠢᠳᠦ ᠶᠢ ᠬᠠᠷᠠᠬᠤ ᠪᠣᠯᠭᠠᠨ ᠪᠢ ᠡᠵᠢ ᠶᠢᠨ ᠢᠶᠠᠨ ᠰᠠᠶᠢᠬᠠᠨ ᠠᠯᠠᠭ | ᠨᠢᠳᠦ ᠶᠢ ᠡᠷᠬᠡ ᠦᠭᠡᠢ ᠰᠠᠨᠠᠵᠤ ᠣᠯᠳᠠᠭ᠂ ᠡᠷᠡᠭᠦᠯ ᠰᠠᠷᠠᠭᠤᠯ ᠨᠢᠳᠦ ᠲᠠᠢ ᠬᠥᠮᠥᠨ ᠬᠡᠴᠢᠨᠡᠨ ᠰᠠᠶᠢᠬᠠᠨ ᠪᠤᠢ︕︾ | ᠭᠡᠵᠦ ᠡᠯᠢᠭᠡᠨ ᠳᠤ ᠨᠠᠭᠠᠯᠳᠤᠨ ᠡᠵᠢ ᠶᠢᠨ ᠢᠶᠠᠨ ᠨᠢᠳᠦ ᠪᠠᠨ ᠠᠯᠳᠠᠭᠰᠠᠨ ᠥᠩᠭᠡᠷᠡᠯᠲᠡ ᠶᠢ ᠨᠢ ᠨᠤ ᠦᠭᠡᠢ ᠨᠠᠳᠠᠳᠤ | ᠶᠠᠷᠢᠵᠤ ᠪᠢᠯᠡ᠄ ᠤᠤᠯ ᠨᠢ ᠲᠡᠭᠦᠨ ᠤ ᠡᠵᠢ ᠶᠠᠭᠠᠷᠮᠠᠭ ᠳᠡᠭᠡᠷ᠎ᠡ ᠪᠠᠨ ᠠᠷᠰᠠᠷ ᠢᠳᠡᠭᠡᠨ ᠬᠤᠳᠠᠯᠳᠤᠵᠤ ᠪᠠᠶᠢᠭᠠᠳ | ᠰᠣᠭᠲᠣᠭᠤ ᠪᠠᠷ ᠮᠠᠰᠢᠨ ᠪᠠᠷᠢᠭᠰᠠᠨ ᠲᠡᠷᠭᠡᠨ ᠳᠤ ᠠᠳᠡᠭᠳᠡᠵᠦ᠂ ᠬᠤᠶᠠᠷ ᠨᠢᠳᠦᠨ ᠤ ᠬᠠᠷᠠᠭ᠎ᠠ ᠪᠠᠨ ᠠᠯᠳᠠᠭᠰᠠᠨ | ᠪᠥᠭᠡᠳ ᠲᠡᠭᠦᠨ ᠠᠴᠠ ᠬᠤᠶᠢᠰᠢ ᠵᠢᠭᠠᠯ ᠬᠦᠦ ᠶᠢᠨ ᠲᠦᠯᠬᠢᠭᠦᠷ ᠤᠨ ᠲᠠᠭᠤᠨ ᠢᠶᠠᠷ ᠬᠦᠦ ᠶᠢᠨ ᠢᠶᠠᠨ ᠢᠷᠡᠵᠤ | ᠶᠠᠪᠤᠭ᠎ᠠ ᠶᠢ ᠴᠢᠩᠨᠠᠳᠠᠭ ᠪᠣᠯᠤᠭᠰᠠᠨ ᠠᠵᠢ ᠁ | | | ᠲᠡᠭᠦᠨ ᠠᠴᠠ ᠬᠤᠶᠢᠰᠢ ᠪᠢ ᠵᠢᠭᠠᠯ ᠬᠦᠦ ᠶᠢ ᠳᠣᠲᠣᠭᠠᠳᠤ ᠰᠡᠳᠬᠢᠯ ᠠᠴᠠ ᠪᠠᠨ ᠦᠷᠦᠪᠳᠦᠭᠦ ᠪᠣᠯᠤᠭᠰᠠᠨ | ᠪᠥᠭᠡᠳ ᠡᠳᠦᠷ ᠪᠣᠯᠭᠠᠨ ᠲᠡᠭᠦᠨ ᠲᠠᠢ ᠤᠴᠠᠷᠠᠬᠤ ᠦᠭᠡᠢ ᠪᠣᠯ ᠶᠠᠮᠠᠷ ᠨᠢᠭᠡᠨ ᠶᠠᠭᠤᠮ᠎ᠠ ᠪᠠᠨ ᠠᠯᠳᠠᠭᠰᠠᠨ ᠰᠢᠭ᠋ | ᠰᠡᠳᠬᠢᠯ ᠡᠵᠡᠭᠦᠶᠢᠷᠡᠳᠡᠭ ᠪᠣᠯᠤᠭᠰᠠᠨ ᠪᠠᠶᠢᠯ᠎ᠠ᠃ | | | ᠭᠤᠷᠪᠠ | | | ᠵᠢᠭᠠᠯ ᠬᠦᠦ ᠶᠢᠨ ᠪᠠᠷ᠎ᠠ ᠶᠢ ᠣᠯᠵᠤ ᠬᠠᠷᠠᠭᠰᠠᠨ ᠦᠭᠡᠢ ᠰᠠᠷ᠎ᠠ ᠰᠢᠬᠠᠮ ᠪᠣᠯᠪᠠ᠃ ᠲᠡᠷᠡ ᠴᠣᠬᠤᠮ ᠬᠠᠮᠢᠭ᠎ᠠ | ᠣᠴᠢᠭᠰᠠᠨ ᠪᠣᠯ︖ | | | ᠢᠩᠭᠢᠵᠦ ᠪᠠᠶᠢᠲᠠᠯ᠎ᠠ ᠨᠢᠭᠡ ᠡᠳᠦᠷ ᠵᠢᠭᠠᠯ ᠬᠦᠦ ᠡᠵᠢ ᠪᠠᠨ ᠲᠦᠰᠢᠭᠰᠡᠭᠡᠷ ᠱᠠᠲᠤ ᠥᠭᠰᠥᠨ ᠶᠠᠪᠤᠭ᠎ᠠ ᠲᠠᠢ | ᠲᠠᠭᠠᠷᠠᠯᠳᠤᠵᠠᠢ᠃ ᠪᠢ ᠰᠣᠴᠢᠵᠤ ᠠᠪᠤᠯ᠎ᠠ᠃ ᠡᠵᠢ ᠬᠦᠦ ᠬᠤᠶᠠᠭᠤᠯᠠ ᠶᠢᠨ ᠥᠷᠥᠭᠡᠰᠦᠨ ᠨᠢᠳᠦ ᠴᠥᠮ ᠴᠠᠭᠠᠨ ᠱᠠ | ᠪᠦᠲᠡᠭᠡᠯᠭᠡ ᠲᠠᠢ ᠬᠠᠷᠠᠭᠳᠠᠪᠠ᠃ ᠵᠢᠭᠠᠯ ᠬᠦᠦ ᠶᠢᠨ ᠤᠷᠳᠤ ᠰᠣᠷᠮᠤᠤᠰᠤ ᠲᠠᠢ ᠳᠦᠷᠯᠡᠭᠡᠷ ᠬᠠᠷ᠎ᠠ ᠥᠷᠥᠭᠡᠰᠦᠨ ᠨᠢᠳᠦ | ᠨᠢ ᠤᠤᠯ ᠤᠨ ᠰᠢᠭ᠋ ᠢᠶᠠᠨ ᠨᠠᠮᠠᠶᠢ ᠰᠠᠯᠭᠠᠯ ᠦᠭᠡᠢ ᠰᠢᠷᠳᠡᠭᠰᠡᠭᠡᠷ᠃ | | | ᠡᠵᠢ ᠶᠢᠨ ᠬᠢᠨᠢ ᠥᠷᠥᠭᠡᠰᠦᠨ ᠨᠢᠳᠦ ᠴᠦ ᠵᠢᠭᠠᠯ ᠤᠨ ᠨᠢᠳᠦ ᠰᠢᠭ ᠳᠦᠷᠯᠡᠭᠡᠷ ᠬᠠᠷᠠᠴᠠ ᠪᠠᠷ ᠨᠠᠮᠠᠶᠢ | ᠬᠠᠴᠢᠷᠬᠠᠨ ᠰᠢᠷᠳᠡᠭᠰᠡᠭᠡᠷ᠃ | | | ᠡᠵᠢ ᠬᠦᠦ ᠬᠤᠶᠠᠷ ᠤᠨ ᠬᠠᠷᠠᠴᠠ ᠠᠴᠠ ᠪᠢ ᠨᠢᠭᠡ ᠬᠤᠣᠰ ᠪᠦᠷᠢᠨ ᠪᠦᠲᠦᠨ ᠲᠠᠰᠤᠯ ᠨᠢᠳᠦ ᠶᠢ ᠣᠯᠵᠤ | ᠬᠠᠷᠠᠪᠠ᠃ | | | ᠤᠤᠯ ᠨᠢ ᠵᠢᠭᠠᠯ ᠬᠦᠦ᠂ ᠡᠵᠢ ᠳᠡᠭᠡᠨ ᠭᠡᠷᠡᠯ ᠭᠡᠭᠡ ᠦᠵᠡᠭᠦᠯᠭᠦ ᠭᠡᠵᠦ ᠥᠷᠥᠭᠡᠰᠦᠨ ᠨᠢᠳᠦ ᠪᠠᠨ ᠡᠷᠭᠦᠭᠰᠡᠨ | ᠪᠠᠶᠢᠵᠠᠢ ᠁ | | | ᠪᠢ ᠠᠰᠠᠷ ᠤᠨ ᠱᠠᠲᠤᠨ ᠳᠡᠭᠡᠷ᠎ᠡ ᠮᠡᠬᠡᠶᠢᠷᠡᠨ ᠵᠣᠭᠰᠣᠭᠠᠳ ᠲᠡᠳᠡ ᠬᠤᠶᠠᠭᠤᠯᠠ ᠶᠢ ᠤᠷᠤᠴᠠᠨ ᠳᠠᠭᠠᠨ | ᠣᠷᠣᠲᠠᠯ᠎ᠠ ᠬᠠᠷᠠᠵᠤ ᠵᠣᠭᠰᠣᠪᠠ᠃ | | | ᠭᠡᠷᠡᠯ ᠭᠡᠭᠡ ᠣᠯᠵᠤ ᠬᠠᠷᠠᠭᠰᠠᠨ ᠡᠬᠡ ᠪᠠ ᠭᠡᠷᠡᠯ ᠭᠡᠭᠡ ᠬᠠᠷᠠᠭᠤᠯᠬᠤ ᠶᠢᠨ ᠲᠥᠯᠥᠭᠡ ᠡᠵᠢ ᠳᠡᠭᠡᠨ | ᠥᠷᠥᠭᠡᠰᠦᠨ ᠨᠢᠳᠦ ᠪᠠᠨ ᠵᠣᠷᠢᠭᠤᠯᠤᠭᠰᠠᠨ ᠬᠦᠦ ᠶᠢᠨ ᠪᠠᠶᠠᠷᠲᠠᠢ ᠨᠢ ᠠᠷᠭ᠎ᠠ ᠦᠭᠡᠢ ᠱᠠᠲᠤ ᠥᠭᠰᠥᠨ ᠶᠠᠪᠤᠭ᠎ᠠ ᠶᠢ | ᠬᠠᠷᠠᠭᠠᠳ ᠨᠢᠳᠦ ᠵᠠᠶᠢᠷᠲᠤᠪᠠ ᠁ | | | ᠨᠢᠭᠡ ᠦᠳᠡᠰᠢ ᠪᠢ ᠳᠡᠯᠭᠡᠭᠦᠷ ᠤᠨ ᠡᠭᠦᠳᠡ ᠪᠠᠨ ᠪᠠᠬᠢᠯᠡᠬᠦ ᠭᠡᠵᠦ ᠪᠠᠶᠢᠲᠠᠯ᠎ᠠ᠂ ᠵᠢᠭᠠᠯ ᠬᠦᠦ ᠶᠠᠭᠠᠷᠠᠤ | ᠰᠠᠨᠳᠤᠷᠤᠤ ᠠᠮᠢᠰᠬᠤᠭᠠᠳᠠᠭᠰᠠᠭᠠᠷ ᠭᠦᠶᠦᠨ ᠣᠷᠣᠵᠤ ᠢᠷᠡᠪᠡ᠃ | | | ᠲᠡᠷᠡ ᠶᠠᠮᠠᠷ ᠨᠢᠭᠡᠨ ᠨᠢᠭᠤᠴᠠ ᠪᠠᠨ ᠬᠠᠯᠬᠠᠯᠠᠬᠤ ᠭᠡᠰᠡᠨ ᠪᠤᠯᠤᠯᠳᠡᠢ ᠮᠠᠯᠠᠭᠠᠢ ᠶᠢᠨ ᠢᠶᠠᠨ ᠰᠠᠷᠠᠪᠴᠢ ᠶᠢ | ᠳᠣᠷᠣᠭᠰᠢ ᠳᠠᠷᠤᠵᠠᠢ᠃ ᠲᠡᠭᠡᠭᠡᠳ ᠯᠠᠩᠭᠦᠢ ᠳᠣᠲᠣᠷᠠᠬᠢ ᠨᠠᠷᠠᠨ ᠰᠢᠯ ᠢ ᠵᠢᠭᠠᠭᠰᠠᠭᠠᠷ᠄ | | | ︽ᠠᠨᠢᠶ᠎ᠠ ᠠ᠋᠂ ᠲᠡᠷᠡ ᠨᠠᠷᠠᠨ ᠰᠢᠯ ᠴᠢᠨᠢ ᠬᠡᠳᠦᠢ ᠪᠤᠢ︖︾ | | | ︽ᠬᠤᠷᠢᠨ ᠲᠥᠭᠦᠷᠢᠭ︕︾ | | | ᠵᠢᠭᠠᠯ ᠬᠦᠦ ᠬᠤᠷᠤᠭᠤ ᠵᠤᠵᠠᠭᠠᠨ ᠤᠷᠠᠭᠳᠠᠵᠤ ᠨᠠᠪᠲᠠᠷᠠᠭᠰᠠᠨ ᠵᠣᠭᠤᠰ ᠢᠶᠠᠨ ᠨᠢᠮᠪᠠᠶᠢᠬᠠᠨ ᠲᠣᠭᠠᠯᠠᠭᠰᠠᠭᠠᠷ᠄ | | | ︽ᠠᠷᠪᠠ ᠨᠠᠢᠮᠠᠨ ᠲᠥᠭᠦᠷᠢᠭ ᠵᠢᠷᠠᠨ ᠮᠥᠩᠭᠦ︕ ᠲᠡᠷᠡ ᠨᠠᠷᠠᠨ ᠰᠢᠯ ᠢᠶᠠᠨ ᠨᠠᠳᠠ ᠳᠤ ᠬᠤᠳᠠᠯᠳᠤᠨ ᠥᠭᠴᠦ | ᠪᠤᠯᠬᠤ ᠤᠤ︖︾ ᠭᠡᠪᠡᠯ ᠪᠢ᠄ | | | ︽ᠲᠣᠮᠣ ᠬᠥᠮᠥᠨ ᠤ ᠰᠢᠯ ᠬᠡᠦᠬᠡᠳ ᠲᠤ ᠠᠷᠠᠢ ᠲᠣᠮᠣᠳᠠᠨᠠ ᠳ᠋ᠠ︾ ᠭᠡᠪᠡᠯ ᠲᠡᠷᠡ ᠪᠠᠭ᠋ᠠᠨ ᠢᠴᠢᠵᠦ | ᠰᠢᠷᠪᠡᠭᠡᠲᠦᠭᠰᠡᠨ ᠪᠤᠯᠪᠠᠴᠤ᠄ | | | ︽ᠪᠢ ᠡᠵᠢ ᠳᠡᠭᠡᠨ ᠠᠪᠤᠶ᠎ᠠ ᠭᠡᠰᠡᠨ ᠶᠤᠮ᠂ ᠡᠵᠢ ᠡᠨᠡ ᠰᠢᠯ ᠢ ᠵᠡᠭᠦᠴᠢᠬᠡᠪᠡᠯ ᠬᠥᠮᠥᠰ ᠲᠡᠭᠦᠨ ᠤ ᠥᠷᠥᠭᠡᠰᠦᠨ | ᠨᠢᠳᠦ ᠬᠠᠷᠠᠭ᠎ᠠ ᠵᠡᠮᠳᠡᠭ ᠭᠡᠳᠡᠭ ᠢ ᠨᠢ ᠣᠯᠵᠤ ᠬᠠᠷᠠᠬᠤ ᠦᠭᠡᠢ ᠪᠢᠰᠢᠦ︾ ᠭᠡᠯᠡ᠃ ᠵᠢᠭᠠᠯ ᠬᠦᠦ ᠶᠢᠨ ᠡᠨᠡ | ᠦᠭᠡᠨ ᠳᠤ ᠮᠢᠨᠤ ᠰᠡᠳᠬᠢᠯ ᠤᠶᠠᠷᠠᠨ᠄ | | | ︽ᠲᠣᠭᠠᠴᠠᠭ᠎ᠠ ᠬᠢᠭᠰᠡᠨ ᠤ ᠬᠡᠷᠡᠭ ᠦᠭᠡᠢ᠂ ᠡᠵᠢ ᠳᠤ ᠴᠢᠨᠢ ᠬᠦᠷᠭᠡᠭᠰᠡᠨ ᠢᠶᠠᠷ ᠪᠤᠳᠤᠴᠢᠬᠠᠶᠠ︾ ᠭᠡᠵᠦ ᠬᠡᠯᠡᠵᠦ | ᠪᠠᠷᠠᠬᠤ ᠠᠴᠠ ᠡᠮᠦᠨ᠎ᠡ᠂ ᠵᠢᠭᠠᠯ ᠬᠦᠦ ᠠᠯᠢ ᠬᠡᠳᠦᠶᠢᠨ ᠵᠣᠭᠤᠰ ᠢᠶᠠᠨ ᠯᠠᠩᠭᠦᠢ ᠳᠡᠭᠡᠷ᠎ᠡ ᠰᠢᠳᠡᠮᠡᠭᠴᠡ ᠨᠠᠷᠠᠨ ᠰᠢᠯ ᠢ | ᠠᠪᠴᠤ ᠬᠠᠷᠢᠶᠠᠴᠠᠢ ᠰᠢᠭ᠋ ᠲᠡᠷᠪᠡᠨ ᠣᠳᠪᠠ᠃ | | | ᠦᠰᠦᠷᠬᠢᠯᠡᠨ ᠳᠡᠭᠳᠡᠭᠰᠡᠭᠡᠷ ᠬᠤᠯᠠᠳᠠᠨ ᠣᠳᠬᠤ ᠲᠡᠭᠦᠨ ᠤ ᠠᠷᠤ ᠠᠴᠠ ᠬᠠᠷᠠᠭᠰᠠᠭᠠᠷ ᠮᠢᠨᠤ ᠨᠢᠳᠦ | ᠥᠪᠡᠷ ᠤᠨ ᠡᠷᠬᠡ ᠦᠭᠡᠢ ᠵᠠᠶᠢᠷᠲᠤᠪᠠ ᠁ | | | ᠳᠡᠯᠭᠡᠭᠦᠷ ᠤᠨ ᠡᠭᠦᠳᠡ ᠪᠠᠨ ᠪᠠᠬᠢᠯᠡᠭᠡᠳ ᠪᠤᠴᠠᠬᠤ ᠵᠠᠮ ᠳᠤ᠂ ᠨᠠᠷᠠᠨ ᠰᠢᠯ ᠵᠡᠭᠦᠭᠰᠡᠨ ᠡᠵᠢ ᠶᠢᠨ ᠢᠶᠠᠨ | ᠭᠠᠷ ᠠᠴᠠ ᠬᠥᠲᠥᠯᠥᠭᠰᠡᠨ ᠵᠢᠭᠠᠯ ᠬᠦᠦ ᠰᠣᠯᠣᠩᠭᠠᠨ ᠳ᠋ᠧᠩ ᠳᠤᠸᠠᠯᠠᠭᠰᠠᠨ ᠠᠭᠤᠳᠠᠮ ᠲᠠᠯᠠᠪᠠᠢ ᠪᠠᠷ ᠬᠥᠭᠵᠢᠯᠲᠡᠢ ᠨᠢ | ᠠᠷᠭ᠎ᠠ ᠦᠭᠡᠢ ᠶᠠᠪᠤᠭ᠎ᠠ ᠨᠢ ᠬᠠᠷᠠᠭᠳᠠᠪᠠ᠃ | | | ᠡᠵᠢ ᠬᠦᠦ ᠬᠤᠶᠠᠭᠤᠯᠠ ᠶᠢ ᠬᠠᠷᠠᠭ᠎ᠠ ᠵᠡᠮᠳᠡᠭ ᠬᠥᠮᠥᠨ ᠭᠡᠵᠦ ᠬᠡᠨ ᠨᠢᠭᠡ ᠨᠢ ᠴᠦ ᠦᠵᠡᠵᠦ ᠭᠠᠷᠤᠭᠰᠠᠨ | ᠦᠭᠡᠢ ᠪᠣᠯᠣᠭᠠᠰᠠᠢ ᠁ | | | ᠳᠥᠷᠪᠡ | | | ᠡᠳᠦᠷ ᠬᠤᠨᠤᠭ ᠤᠷᠤᠰᠤᠨ ᠥᠩᠭᠡᠷᠡᠭᠰᠡᠭᠡᠷ ᠠᠷᠪᠠᠭᠠᠳ ᠵᠢᠯ ᠪᠣᠯᠴᠢᠬᠠᠵᠠᠢ᠃ | | | ᠡᠷᠢᠶᠡᠨ ᠲᠠᠢ ᠪᠠᠷᠠᠭᠠᠨ ᠲᠠᠢ ᠬᠥᠮᠥᠨ ᠤ ᠶᠢᠷᠲᠢᠨᠴᠦ᠂ ᠡᠩᠬᠦᠯ ᠳᠤᠩᠬᠤᠯ ᠠᠮᠢᠳᠤᠷᠠᠯ ᠤᠨ ᠵᠠᠮ ᠳᠤ ᠶᠠᠭᠤ | ᠡᠰᠡ ᠲᠣᠬᠢᠶᠠᠯᠳᠤᠬᠤ ᠪᠤᠢ᠃ | | | ᠪᠢ ᠡᠷᠡᠭᠦᠯ ᠮᠡᠨᠲᠦ ᠶᠢᠨ ᠪᠠᠶᠢᠴᠠᠭᠠᠯᠲᠠ ᠬᠢᠬᠦ ᠭᠡᠵᠦ ᠨᠡᠶᠢᠰᠯᠡᠯ ᠬᠤᠳᠠ ᠶᠢᠨ ᠨᠢᠭᠡ ᠡᠮᠨᠡᠯᠭᠡ ᠶᠢᠨ | ᠬᠤᠷᠢᠶᠠᠨ ᠳᠤ ᠣᠴᠢᠵᠤ ᠪᠢᠯᠡ᠃ | | | ᠡᠮᠨᠡᠯᠭᠡ ᠶᠢᠨ ᠳ᠋ᠤᠭᠠᠷ ᠠᠪᠬᠤ ᠭᠡᠵᠦ ᠤᠯᠠᠨ ᠤ ᠳᠤᠮᠳᠠ ᠮᠥᠷᠯᠡᠨ ᠵᠣᠭᠰᠣᠵᠤ ᠪᠠᠶᠢᠲᠠᠯ᠎ᠠ ᠭᠡᠨᠡᠳᠲᠡ | ᠬᠤᠷᠢᠭᠠᠳ ᠨᠠᠰᠤᠨ ᠤ ᠨᠢᠭᠡ ᠵᠠᠯᠠᠭᠤ ᠬᠠᠵᠠᠭᠤ ᠳᠤ ᠢᠷᠡᠭᠡᠳ᠄ | | | ︽ᠠᠨᠢᠶ᠎ᠠ︕ ᠰᠠᠶᠢᠨ ᠪᠠᠶᠢᠨ᠎ᠠ ᠤᠤ︖ ᠲᠠ ᠨᠠᠮᠠᠶᠢ ᠲᠠᠨᠢᠵᠤ ᠪᠠᠶᠢᠭ᠎ᠠ ᠪᠣᠯ ᠤᠤ︖︾ ᠭᠡᠵᠦ ᠲᠠᠨᠢᠯ ᠬᠥᠮᠥᠨ | ᠰᠢᠭ ᠮᠡᠨᠳᠦᠴᠢᠯᠡᠨ ᠠᠰᠠᠭᠤᠨ᠎ᠠ᠃ ᠪᠢ ᠭᠠᠶᠢᠬᠠᠰᠢ ᠠᠯᠳᠠᠨ ᠡᠶᠢᠮᠦ ᠲᠣᠮᠣ ᠬᠤᠳᠠ ᠳᠤ ᠨᠠᠮᠠᠶᠢ ᠲᠠᠨᠢᠳᠠᠭ ᠬᠥᠮᠥᠨ | ᠭᠡᠵᠦ ᠪᠠᠰᠠ ᠪᠠᠶᠢᠨᠠᠤ ᠭᠡᠵᠦ ᠮᠡᠬᠡᠶᠢᠷᠡᠨ ᠪᠠᠶᠢᠲᠠᠯ᠎ᠠ᠂ ᠵᠠᠯᠠᠭᠤ ᠡᠪ ᠦᠭᠡᠶᠢᠷᠡᠭᠰᠡᠨ ᠪᠠᠶᠢᠳᠠᠯ ᠲᠠᠢ᠄ | | | ︽ᠠᠨᠢᠶ᠎ᠠ︕ ᠠᠷᠪᠠᠭᠠᠳ ᠵᠢᠯ ᠤᠨ ᠡᠮᠦᠨ᠎ᠡ ᠨᠢᠭᠡ ᠠᠰᠠᠷ ᠲᠤ ᠳᠡᠭᠡᠷ᠎ᠡ ᠳᠣᠣᠷ᠎ᠠ ᠪᠠᠶᠢᠷᠢᠯᠠᠵᠤ ᠪᠠᠶᠢᠭᠰᠠᠨ | ᠠᠯᠢᠶ᠎ᠠ ᠲᠦᠢᠳᠬᠡᠷ ᠵᠢᠭᠠᠯ ᠬᠦᠦ ᠪᠢ ᠪᠠᠶᠢᠨ᠎ᠠ ᠰᠢᠤ᠂ ᠲᠡᠷᠡ ᠤᠳᠠᠭ᠎ᠠ ᠪᠢ ᠪᠣᠯᠭᠤᠮᠵᠢ ᠦᠭᠡᠢ ᠪᠠᠷ ᠱᠠᠲᠤ ᠤᠷᠤᠭᠤ | ᠪᠦᠳᠦᠷᠢᠨ ᠡᠪᠦᠳᠦᠭ ᠢᠶᠠᠨ ᠰᠢᠯᠪᠤᠯᠤᠭᠰᠠᠨ ᠳᠤ ᠠᠨᠢᠶ᠎ᠠ ᠲᠠ ᠪᠠᠰᠠ ᠦᠯᠢᠶᠡᠵᠦ ᠥᠭᠭᠦᠭᠡᠳ ᠡᠪᠡᠳᠬᠦ ᠶᠢ ᠨᠠᠮᠳᠠᠭᠠᠵᠤ | ᠪᠠᠶᠢᠭᠰᠠᠨ ᠢ ᠮᠠᠷᠲᠠᠭ᠎ᠠ ᠦᠭᠡᠢ ᠰᠢᠤ︕︾ ᠭᠡᠬᠦ ᠪᠠᠷ ᠲᠡᠭᠦᠨ ᠤ ᠲᠡᠷᠡᠬᠦ ᠠᠯᠳᠠᠨ ᠬᠦᠷᠢᠶ᠎ᠡ ᠲᠠᠢ ᠲᠤᠩᠭᠠᠯᠠᠭ ᠨᠢᠳᠦᠨ | ᠰᠢᠯ ᠤᠨ ᠴᠠᠭᠠᠨ᠎ᠠ ᠭᠢᠯᠠᠯᠵᠠᠵᠤ ᠪᠠᠶᠢᠭ᠎ᠠ ᠥᠷᠥᠭᠡᠰᠦᠨ ᠨᠢᠳᠦᠨ ᠠᠴᠠ ᠠᠷᠪᠠᠭᠠᠳ ᠵᠢᠯ ᠤᠨ ᠡᠮᠦᠨᠡᠬᠢ ᠲᠠᠰᠤᠯ | ᠬᠠᠷᠠᠴᠠ ᠲᠠᠭᠢᠨ ᠬᠠᠷᠠᠭᠳᠠᠬᠤ ᠰᠢᠭ᠋ ᠪᠣᠯᠪᠠ ᠁ | | |