ᠮᠠᠨ ᠤ ᠣᠷᠣᠨ ᠤ 3 ᠬᠤᠰᠢᠭᠤ ᠰᠢᠶᠠᠨ ᠳᠤ ᠶᠡᠭᠡ ᠴᠠᠰᠤ ᠣᠷᠣᠪᠠ
ᠨᠡᠶᠢᠲᠡᠯᠡᠭᠰᠡᠨ ᠴᠠᠭ᠄
2023/12/12
      12 ᠰᠠᠷ᠎ᠠ ᠶᠢᠨ10 ᠤ ᠰᠥᠨᠢ᠂ ᠮᠠᠨ ᠤ ᠣᠷᠣᠨ ᠤ ᠣᠯᠠᠨ ᠭᠠᠵᠠᠷ ᠲᠤ ᠴᠠᠰᠤ ᠣᠷᠣᠪᠠ᠃ 10 ᠤ ᠡᠳᠦᠷ ᠤᠨ 8 ᠴᠠᠭ ᠠᠴᠠ 11 ᠤ ᠡᠳᠦᠷ ᠤᠨ 8 ᠴᠠᠭ ᠪᠤᠯᠲᠠᠯ᠎ᠠ᠂ 7 ᠠᠶᠢᠮᠠᠭ ᠬᠤᠲᠠ ᠶᠢᠨ 44 ᠬᠤᠰᠢᠭᠤ ᠰᠢᠶᠠᠨ ᠤ 178 ᠴᠠᠭ ᠠᠭᠤᠷ ᠤᠨ ᠥᠷᠲᠡᠭᠡ ᠳᠤ ᠴᠠᠰᠤ ᠣᠷᠣᠵᠤ᠂ ᠭᠤᠣᠯᠳᠠᠭᠤ ᠭᠦᠭᠡᠬᠤᠲᠠ᠂ ᠣᠷᠳᠣᠰ ᠬᠤᠲᠠ᠂ ᠤᠯᠠᠭᠠᠨᠴᠠᠪ ᠬᠤᠲᠠ ᠳᠤ ᠲᠥᠪᠯᠡᠷᠡᠵᠡᠢ᠃ ᠡᠭᠦᠨ ᠳᠤ᠂ 3 ᠬᠤᠰᠢᠭᠤ ᠰᠢᠶᠠᠨ ᠤ 4 ᠥᠷᠲᠡᠭᠡ ᠳᠤ ᠶᠡᠭᠡ ᠴᠠᠰᠤ ᠣᠷᠣᠵᠠᠢ᠃
     ᠥᠪᠡᠷᠲᠡᠭᠡᠨ ᠵᠠᠰᠠᠬᠤ ᠣᠷᠣᠨ ᠤ ᠴᠠᠭ ᠠᠭᠤᠷ ᠤᠨ ᠲᠣᠪᠴᠢᠶ᠎ᠠ ᠶᠢᠨ ᠲᠤᠭ᠎ᠠ ᠪᠠᠷᠢᠮᠲᠠ ᠶᠢ ᠦᠨᠳᠦᠰᠦᠯᠡᠪᠡᠯ᠂ 10 ᠤ ᠡᠳᠦᠷ ᠤᠨ 8 ᠴᠠᠭ ᠠᠴᠠ 11 ᠤ ᠡᠳᠦᠷ ᠤᠨ 8 ᠴᠠᠭ ᠪᠤᠯᠲᠠᠯ᠎ᠠ᠂ 3 ᠬᠤᠰᠢᠭᠤ ᠰᠢᠶᠠᠨ ᠤ 4 ᠥᠷᠲᠡᠭᠡ ᠳᠤ ᠶᠡᠭᠡ ᠴᠠᠰᠤ ᠣᠷᠣᠵᠤ᠂ ᠭᠦᠭᠡᠬᠤᠲᠠ ᠶᠢᠨ ᠴᠢᠩ ᠱᠦᠢ ᠾᠧ ᠰᠢᠶᠠᠨ ᠤ ᠯᠣᠸ ᠨᠢᠦ ᠸᠠᠨ ᠳᠤ 12.2 ᠮᠢᠯᠢᠮᠧᠲᠷ᠂ ᠣᠷᠳᠣᠰ ᠬᠤᠲᠠ ᠶᠢᠨ ᠵᠡᠭᠦᠨᠭᠠᠷ ᠬᠤᠰᠢᠭᠤᠨ ᠤ ᠯᠦᠩ ᠺᠧᠦ ᠪᠠᠯᠭᠠᠰᠤ ᠳᠤ 11.6 ᠮᠢᠯᠢᠮᠧᠲᠷ᠂ ᠱᠠᠭᠳᠠᠷ ᠪᠠᠯᠭᠠᠰᠤ ᠳᠤ 10.4 ᠮᠢᠯᠢᠮᠧᠲᠷ ᠭᠦᠷᠪᠡ᠃ 12 ᠬᠤᠰᠢᠭᠤ ᠰᠢᠶᠠᠨ ᠤ 37 ᠥᠷᠲᠡᠭᠡ ᠳᠤ ᠶᠡᠭᠡ ᠴᠠᠰᠤ ᠣᠷᠣᠵᠤ᠂ ᠣᠷᠳᠣᠰ ᠬᠤᠲᠠ ᠶᠢᠨ ᠵᠡᠭᠦᠨᠭᠠᠷ ᠬᠤᠰᠢᠭᠤᠨ ᠤ ᠸᠧᠨ ᠱᠦᠢ ᠰᠢᠶᠠᠩ ᠤᠨ ᠬᠡᠴᠡᠭᠦᠦ ᠭᠤᠤ ᠲᠣᠰᠬᠤᠨ  ᠳᠤ 9.7 ᠮᠢᠯᠢᠮᠧᠲᠷ᠂ ᠵᠡᠭᠦᠨᠭᠠᠷ ᠬᠤᠰᠢᠭᠤᠨ ᠤ ᠵᠡᠭᠦᠨᠭᠠᠷ ᠵᠣᠣ ᠳᠤ 9.4 ᠮᠢᠯᠢᠮᠧᠲᠷ᠂ ᠵᠡᠭᠦᠨᠭᠠᠷ ᠬᠤᠰᠢᠭᠤ ᠳᠤ 9.3 ᠮᠢᠯᠢᠮᠧᠲᠷ ᠭᠦᠷᠪᠡ᠃ 19 ᠬᠤᠰᠢᠭᠤ ᠰᠢᠶᠠᠨ ᠤ 36 ᠥᠷᠲᠡᠭᠡ ᠳᠤ ᠳᠤᠮᠳᠠ ᠵᠡᠷᠭᠡ ᠶᠢᠨ ᠴᠠᠰᠤ ᠣᠷᠣᠪᠠ᠃ ᠣᠷᠳᠣᠰ ᠬᠤᠲᠠ ᠶᠢᠨ ᠳ᠋ᠦᠩᠱᠧᠩ ᠤᠨ ᠪᠤᠷᠵᠠᠩ ᠨᠠᠭᠤᠷ ᠲᠤ 4.9 ᠮᠢᠯᠢᠮᠧᠲᠷ᠂ ᠡᠵᠡᠨ ᠬᠤᠷᠤᠭ᠎ᠠ ᠬᠤᠰᠢᠭᠤᠨ ᠤ ᠬᠤᠨᠢᠴᠢᠨ ᠭᠤᠣᠯ ᠳᠤ 4.8 ᠮᠢᠯᠢᠮᠧᠲᠷ᠂ ᠭᠦᠭᠡᠬᠤᠲᠠ ᠶᠢᠨ ᠲᠦᠮᠡᠳ ᠵᠡᠭᠦᠨ ᠬᠤᠰᠢᠭᠤᠨ ᠤ ᠰᠢᠷᠠᠴᠢᠨ ᠳᠤ 4.7 ᠮᠢᠯᠢᠮᠧᠲᠷ ᠭᠦᠷᠪᠡ᠃ 27 ᠬᠤᠰᠢᠭᠤ ᠰᠢᠶᠠᠨ ᠤ 101 ᠥᠷᠲᠡᠭᠡ ᠳᠤ ᠪᠠᠭ᠎ᠠ ᠴᠠᠰᠤ ᠣᠷᠣᠪᠠ᠃
     ᠢᠷᠡᠯᠲᠡ᠄ ᠰᠢᠨᠬᠤᠸᠠ ᠰᠦᠯᠵᠢᠶ᠎ᠡ
 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10000440号