ᠠᠷᠠᠳ ᠤᠨ ᠵᠠᠮ ᠤᠨ ᠵᠡᠭᠡᠯᠢ ᠭᠤᠳᠤᠮᠵᠢ᠄ ᠨᠠᠮ ᠤᠨ ᠪᠠᠶᠢᠭᠤᠯᠤᠯᠲᠠ ᠶᠢᠨ ᠨᠠᠷᠠᠲᠤ ᠲᠡᠮᠳᠡᠭᠲᠦ ᠶᠢ ᠢᠯᠡᠷᠡᠭᠦᠯᠵᠦ᠂ ᠠᠷᠠᠳ ᠤᠨ ᠲᠥᠯᠥᠭᠡ ᠵᠢᠳᠬᠦᠬᠦ ︽ᠬᠠᠯᠠᠭᠤᠨ ᠳᠤᠯᠠᠭᠠᠨ︾ ᠢ ᠳᠡᠭᠡᠭᠰᠢᠯᠡᠭᠦᠯᠦᠨ᠎ᠡ
ᠨᠡᠶᠢᠲᠡᠯᠡᠭᠰᠡᠨ ᠴᠠᠭ᠄
2019/5/6
     ︽ᠪᠢ ᠳᠤᠮᠳᠠᠳᠤ  ᠤᠯᠤᠰ ᠤᠨ ᠡᠪ ᠬᠠᠮᠲᠤ ᠨᠠᠮ ᠳᠤ  ᠰᠠᠶᠢᠨ ᠳᠤᠷ᠎ᠠ ᠠᠴᠠ ᠪᠠᠨ ᠣᠷᠣᠵᠤ᠂ ᠨᠠᠮ ᠤᠨ ᠬᠥᠲᠥᠯᠪᠦᠷᠢ ᠶᠢ ᠬᠦᠷᠢᠶᠡᠯᠡᠵᠦ᠂ ᠨᠠᠮ ᠤᠨ ᠳᠦᠷᠢᠮ ᠢ ᠵᠢᠷᠤᠮᠯᠠᠵᠤ᠂ ᠨᠠᠮ ᠤᠨ ᠭᠡᠰᠢᠭᠦᠨ ᠤ ᠡᠭᠦᠷᠭᠡ ᠶᠢ ᠭᠦᠢᠴᠡᠳᠭᠡᠵᠦ ᠁  ︾᠂ ᠲᠠᠪᠤᠨ ᠰᠠᠷ᠎ᠠ ᠶᠢᠨ ᠤᠷᠢᠬᠠᠨ ᠰᠠᠯᠬᠢ ᠨᠣᠮᠢᠨ ᠨᠣᠭᠤᠭᠠᠨ ᠡᠬᠡ ᠭᠠᠵᠠᠷ ᠲᠤ ᠬᠤᠴᠢᠭᠳᠠᠵᠤ᠂ ᠭᠠᠯ ᠤᠯᠠᠭᠠᠨ ᠨᠠᠮ ᠤᠨ ᠲᠤᠭ ᠭᠢᠯᠠᠯᠵᠠᠨ᠎ᠠ᠃ ᠠᠷᠢᠭᠤᠨ ᠳᠠᠷᠬᠠᠨ ᠲᠥᠪ ᠴᠢᠩᠭ᠎ᠠ ᠲᠠᠩᠭᠠᠷᠢᠭ ᠤᠨ ᠦᠭᠡᠰ ᠬᠠᠩᠭᠢᠨᠠᠬᠤ ᠶᠢ ᠳᠠᠭᠠᠯᠳᠤᠨ᠂ ᠰᠠᠶᠢᠬᠠᠨ ᠲᠣᠭᠤᠷᠢᠭ ᠤᠨ ᠠᠷᠠᠳ ᠤᠨ ᠵᠠᠮ ᠤᠨ ᠵᠡᠭᠡᠯᠢ ᠭᠤᠳᠤᠮᠵᠢ ᠶᠢᠨ ᠹᠦ᠋ ᠰᠢᠩ ᠨᠡᠶᠢᠭᠡᠮ ᠲᠣᠭᠤᠷᠢᠭ ᠤᠨ ᠭᠤᠣᠯ ᠰᠡᠳᠦᠪᠲᠦ ᠨᠠᠮ ᠤᠨ ᠡᠳᠦᠷ ᠤᠨ ᠠᠵᠢᠯᠯᠠᠭ᠎ᠠ ᠥᠷᠨᠢᠯᠲᠡ ᠳᠤ ᠣᠷᠣᠪᠠ᠃      ᠠᠷᠠᠳ ᠤᠨ ᠵᠠᠮ ᠤᠨ ᠵᠡᠭᠡᠯᠢ ᠭᠤᠳᠤᠮᠵᠢ ᠶᠢᠨ ᠲᠤᠰᠬᠠᠶ ᠲᠤᠰᠢᠶᠠᠯᠲᠤ ᠤᠬᠠᠭᠤᠯᠬᠤ ᠭᠡᠰᠢᠭᠦᠨ ᠯᠢ ᠵᠧ ᠴᠢᠶᠠᠩ ᠤᠨ ᠬᠡᠯᠡᠭᠰᠡᠨ ᠨᠢ᠂ ᠡᠨᠡ ᠪᠣᠯ ᠠᠷᠠᠳ ᠤᠨ ᠵᠠᠮ ᠤᠨ ᠵᠡᠭᠡᠯᠢ ᠭᠤᠳᠤᠮᠵᠢ ᠶᠢᠨ ᠹᠦ᠋ ᠰᠢᠩ ᠨᠡᠶᠢᠭᠡᠮ ᠲᠣᠭᠤᠷᠢᠭ ᠲᠤ ᠪᠠᠶᠢᠭᠤᠯᠤᠭᠳᠠᠭᠰᠠᠨ ᠨᠠᠷᠠᠲᠤ ᠲᠡᠮᠳᠡᠭᠲᠦ ᠨᠠᠮ ᠤᠨ ᠡᠳᠦᠷ ᠤᠨ ᠠᠵᠢᠯᠯᠠᠭ᠎ᠠ ᠮᠥᠨ᠃ ᠣᠳᠣᠬᠠᠨ ᠳᠤ ᠂ ᠬᠠᠷᠢᠶ᠎ᠠ ᠲᠤᠭᠤᠷᠢᠭ ᠲᠠᠬᠢ ᠪᠤᠢ ᠪᠦᠬᠦᠢ ᠨᠡᠶᠢᠭᠡᠮ ᠲᠣᠭᠤᠷᠢᠭ ᠤᠨ ᠨᠠᠷᠠᠲᠤ ᠲᠡᠮᠳᠡᠭᠲᠦ ᠨᠠᠮ ᠤᠨ ᠡᠳᠦᠷ ᠤᠨ ᠠᠵᠢᠯᠯᠠᠭ᠎ᠠ ᠨᠢᠭᠡᠨᠲᠡ ᠪᠦᠬᠦᠨ ᠢ ᠬᠠᠮᠤᠷᠤᠭᠰᠠᠨ ᠪᠠᠶᠢᠨ᠎ᠠ᠃    ᠨᠠᠷᠠᠲᠤ ᠲᠡᠮᠳᠡᠭ ᠮᠦᠨ ᠪᠢᠰᠢ ᠡᠰᠡᠬᠦ ᠶᠢᠨ ᠵᠠᠩᠭᠢᠯᠠᠭ᠎ᠠ ᠨᠢ ᠦᠷ᠎ᠡ ᠳ᠋ᠦᠩ ᠢ ᠨᠢ ᠦᠵᠡᠬᠦ ᠬᠡᠷᠡᠭᠲᠡᠶ᠃ ᠨᠡᠶᠢᠭᠡᠮ ᠲᠣᠭᠤᠷᠢᠭ ᠤᠨ ᠨᠠᠮ ᠤᠨ ᠪᠠᠶᠢᠭᠤᠯᠤᠯᠲᠠ ᠶᠢᠨ ᠠᠵᠢᠯ ᠤᠨ ᠳᠤᠮᠳᠠ᠂ ᠠᠷᠠᠳ ᠤᠨ ᠵᠠᠮ ᠤᠨ ᠵᠡᠭᠡᠯᠢ ᠭᠤᠳᠤᠮᠵᠢ  ᠶᠢᠨ ᠨᠠᠮ ᠤᠨ ᠠᠵᠢᠯ ᠤᠨ ᠬᠤᠷᠢᠶ᠎ᠠ ᠨᠠᠮ ᠤᠨ ᠪᠠᠶᠢᠭᠤᠯᠤᠯᠲᠠ ᠶᠢᠨ ᠠᠵᠢᠯ ᠤᠨ ᠦᠷ᠎ᠡ ᠪᠦᠲᠦᠮᠵᠢ ᠶᠢ ᠬᠠᠮᠤᠭ ᠤᠨ ᠶᠡᠭᠡ ᠪᠣᠯᠭᠠᠬᠤ ᠶᠢ ᠪᠠᠷᠢᠮᠲᠠᠯᠠᠵᠤ᠂  ︽1 + N  ︾ ᠨᠠᠮ ᠤᠨ ᠭᠡᠰᠢᠭᠦᠨ ᠤ ᠰᠤᠷᠤᠯᠴᠠᠬᠤ ᠠᠷᠭ᠎ᠠ ᠶᠢ ᠰᠦᠪᠡᠭᠴᠢᠯᠡᠨ ᠬᠡᠷᠡᠭᠵᠢᠭᠦᠯᠪᠡ᠂ ᠲᠤᠬᠠᠶᠢᠯᠠᠪᠠᠯ ᠵᠡᠭᠡᠯᠢ ᠭᠤᠳᠤᠮᠵᠢ ᠶᠢᠨ ᠨᠠᠮ ᠤᠨ ᠠᠵᠢᠯ ᠤᠨ ᠬᠤᠷᠢᠶᠠᠨ ᠤ ᠪᠠᠭ  ᠤᠨ ᠪᠦᠷᠢᠯᠳᠦᠬᠦᠨ᠂ ᠪᠠᠶᠢᠭᠤᠯᠭ᠎ᠠ ᠪᠠ ᠨᠡᠶᠢᠭᠡᠮ ᠲᠣᠭᠤᠷᠢᠭ ᠤᠨ ᠨᠠᠮ ᠤᠨ ᠵᠣᠬᠢᠶᠠᠨ ᠪᠠᠶᠢᠭᠤᠯᠤᠯᠲᠠ ᠶᠢᠨ ᠭᠡᠰᠢᠭᠦᠨ N ᠲᠤᠭᠠᠨ ᠤ ᠨᠡᠭᠦᠳᠡᠯ ᠨᠠᠮ ᠤᠨ ᠭᠡᠰᠢᠭᠦᠨ ᠪᠤᠶᠤ ᠰᠤᠷᠤᠯᠴᠠᠯᠭ᠎ᠠ ᠳᠤ ᠣᠷᠣᠯᠴᠠᠬᠤ ᠶᠢᠨ ᠠᠷᠭ᠎ᠠ ᠦᠭᠡᠢ ᠬᠦᠴᠢᠷᠳᠡᠯ ᠲᠠᠢ ᠨᠠᠮ ᠤᠨ ᠭᠡᠰᠢᠭᠦᠨ ᠲᠠᠢ ᠬᠠᠷᠢᠯᠴᠠᠵᠤ᠂ ᠵᠢᠭᠠᠨ ᠲᠣᠮᠢᠯᠠᠬᠤ ᠪᠤᠶᠤ  ᠰᠠᠶᠢᠨ ᠳᠤᠷ᠎ᠠ ᠠᠴᠠ ᠪᠠᠨ ᠰᠣᠩᠭᠤᠬᠤ ᠠᠷᠭ᠎ᠠ ᠮᠠᠶ᠋ᠢᠭ ᠢ ᠠᠪᠴᠤ᠂ ᠰᠤᠷᠤᠯᠴᠠᠬᠤ ᠠᠭᠤᠯᠭ᠎ᠠ ᠶᠢ ᠰᠠᠷ᠎ᠠ ᠪᠦᠷᠢ 1 ᠤᠳᠠᠭ᠎ᠠ ᠬᠠᠷᠢᠯᠴᠠᠵᠤ᠂ ᠨᠡᠪᠲᠡᠷᠡᠯᠴᠡᠵᠦ᠂ ᠳᠠᠮᠵᠢᠭᠤᠯᠤᠨ ᠬᠦᠷᠭᠡᠵᠦ᠂ ᠳᠠᠭᠠᠭᠠᠨ ᠬᠤᠯᠪᠣᠭᠠᠯᠠᠬᠤ ᠡᠲᠡᠭᠡᠳ ᠤᠨ ᠦᠵᠡᠯ ᠰᠠᠨᠠᠭᠠᠨ ᠤ ᠪᠠᠶᠢᠳᠠᠯ  ᠢ ᠴᠠᠭ ᠲᠤᠬᠠᠶ ᠳᠤᠨᠢ ᠡᠵᠡᠮᠰᠢᠨ᠎ᠡ᠃      ︽ᠢᠩᠭᠢᠵᠦ ᠬᠢᠬᠦ ᠶᠢᠨ ᠬᠠᠮᠤᠭ ᠤᠨ ᠶᠡᠭᠡ ᠰᠠᠶᠢᠨ ᠲᠠᠯ᠎ᠠ ᠪᠣᠯ ᠳᠠᠷᠤᠢ ᠨᠡᠶᠢᠭᠡᠮ ᠲᠣᠭᠤᠷᠢᠭ ᠤᠨ ᠨᠠᠮ ᠤᠨ ᠪᠠᠶᠢᠭᠤᠯᠤᠯᠲᠠ ᠶᠢᠨ ᠠᠵᠢᠯ ᠢ ᠤᠯᠠᠨ ᠤᠳᠠᠭ᠎ᠠ ᠬᠤᠪᠢᠶᠠᠨ ᠠᠬᠢᠭᠤᠯᠵᠤ ᠪᠣᠯᠤᠨ᠎ᠠ︾᠃ ᠠᠷᠠᠳ ᠤᠨ ᠵᠠᠮ ᠤᠨ ᠵᠡᠭᠡᠯᠢ ᠭᠤᠳᠤᠮᠵᠢ ᠶᠢᠨ ᠨᠠᠮ ᠤᠨ ᠠᠵᠢᠯᠯᠠᠬᠤ ᠬᠤᠷᠢᠶ᠎ᠠ ᠶᠢᠨ ᠳᠡᠳ᠋ ᠱᠦᠵᠢ ᠯᠢ ᠬᠤᠢ ᠮᠧᠶ ᠰᠤᠷᠪᠤᠯᠵᠢᠯᠠᠭᠴᠢ ᠳᠤ ᠲᠠᠨᠢᠯᠴᠠᠭᠤᠯᠬᠤ ᠳᠠᠭᠠᠨ᠂ ︽ᠠᠵᠢᠯ ᠳᠤ  ᠪᠠᠶᠢᠭ᠎ᠠ ᠨᠠᠮ ᠤᠨ ᠭᠡᠰᠢᠭᠦᠨ ᠳᠤ ᠪᠢᠳᠡ ᠬᠠᠷᠠᠯᠲᠠᠲᠤ ᠮᠠᠶ᠋ᠢᠭ ᠤᠨ ᠬᠡᠪ  ᠤᠨ ᠬᠠᠮᠢᠶᠠᠷᠤᠯᠲᠠ ᠶᠢ ᠬᠡᠷᠡᠭᠵᠢᠭᠦᠯᠵᠦ᠂ ︿ᠭᠤᠷᠪᠠᠨ ᠬᠤᠷᠠᠯ ᠨᠢᠭᠡ ᠬᠢᠴᠢᠶᠡᠯ﹀᠂ ᠭᠤᠤᠯ ᠰᠡᠳᠦᠪᠲᠦ ᠨᠠᠮ ᠤᠨ ᠡᠳᠦᠷ ᠵᠢᠴᠢ ᠭᠠᠷᠠᠭ ᠤᠨ ᠲᠠᠪᠤᠨ ᠳᠤ ᠲᠥᠪᠯᠡᠷᠡᠭᠦᠯᠦᠨ ᠰᠤᠷᠤᠯᠴᠠᠬᠤ ᠵᠡᠷᠭᠡ ᠦᠨᠳᠦᠰᠦᠨ ᠳᠦᠷᠢᠮ ᠢ ᠴᠢᠩᠭ᠎ᠠ ᠬᠡᠷᠡᠭᠵᠢᠭᠦᠯᠵᠦ᠂ ᠨᠠᠮ ᠤᠨ ᠭᠡᠰᠢᠭᠦᠨ ᠤ ᠬᠥᠮᠦᠵᠢᠯ ᠬᠠᠮᠢᠶᠠᠷᠤᠯᠲᠠ ᠶᠢ ᠡᠷᠴᠢᠮ ᠲᠠᠢ᠂ ᠪᠣᠳᠠᠲᠤ ᠦᠷ᠎ᠡ ᠪᠦᠲᠦᠮᠵᠢ  ᠲᠠᠢ ᠪᠣᠯᠭᠠᠵᠤ᠂ ᠨᠠᠮ ᠤᠨ ᠭᠡᠰᠢᠭᠦᠨ ᠢ ᠬᠥᠲᠥᠯᠥᠨ ᠵᠢᠯᠣᠭᠤᠳᠴᠤ  ᠪᠠᠶᠢᠭᠠᠳ ᠰᠢᠨ᠎ᠡ ᠦᠵᠡᠯ ᠰᠠᠨᠠᠭ᠎ᠠ ᠶᠢ ᠦᠶᠯᠡᠳᠦᠯᠭᠡᠵᠢᠭᠦᠯᠵᠦ᠂ ᠰᠢᠨ᠎ᠡ ᠵᠢᠳᠬᠦᠯ ᠴᠢᠷᠮᠠᠶᠢᠯᠭ᠎ᠠ ᠲᠠᠢ ᠪᠣᠯᠭᠠᠨ᠎ᠠ︾ ᠭᠡᠵᠡᠶ᠃ ᠨᠡᠭᠦᠳᠡᠯ ᠨᠠᠮ ᠤᠨ ᠭᠡᠰᠢᠭᠦᠨ  ᠳᠤ ᠪᠢᠳᠡᠨ ᠳᠤ ᠬᠥᠳᠡᠯᠦᠩᠭᠦᠢ ᠮᠥᠷᠳᠡᠨ ᠬᠠᠮᠢᠶᠠᠷᠤᠯᠲᠠ ᠶᠠᠪᠤᠭᠤᠯᠵᠤ᠂ ᠵᠠᠯᠠᠭᠤ ᠨᠠᠮ ᠤᠨ ᠭᠡᠰᠢᠭᠦᠨ ᠳᠤ ᠪᠢᠳᠡ ᠨᠠᠮ ᠤᠨ ᠡᠭᠦᠷ ᠤᠨ ᠨᠠᠮ ᠤᠨ ᠭᠡᠰᠢᠭᠦᠨ ᠸᠢᠴᠠᠲ ᠬᠤᠯᠪᠤᠭ᠎ᠠ ᠪᠠᠷ ᠳᠠᠮᠵᠢᠨ ᠬᠠᠷᠢᠯᠴᠠᠬᠤ ᠢᠶᠠᠨ ᠴᠢᠩᠭᠠᠳᠬᠠᠵᠤ᠂ ᠭᠠᠷ ᠤᠲᠠᠰᠤ ᠬᠡᠷᠡᠭᠯᠡᠬᠦ ᠳᠤ ᠳᠥᠭᠦᠮ ᠦᠭᠡᠢ ᠠᠬᠠᠮᠠᠳ ᠨᠠᠮ ᠤᠨ ᠭᠡᠰᠢᠭᠦᠨ᠂ ᠨᠠᠷᠢᠨ ᠨᠢᠮᠪᠠᠢ ᠵᠢᠷᠤᠵᠤ ᠲᠥᠯᠥᠪᠯᠡᠭᠰᠡᠨ ᠵᠤᠬᠢᠶᠠᠭᠰᠠᠨ ︽ᠨᠠᠮ ᠤᠨ ᠭᠡᠰᠢᠭᠦᠨ ᠳᠤ ᠥᠭᠭᠦᠭᠰᠡᠨ ᠨᠢᠭᠡ ᠵᠠᠬᠢᠳᠠᠯ︾ ᠨᠢ ᠰᠤᠷᠤᠯᠴᠠᠬᠤ ᠮᠠᠲ᠋ᠧᠷᠢᠶᠠᠯ᠂ ᠨᠠᠮ ᠤᠨ ᠵᠣᠬᠢᠶᠠᠨ ᠪᠠᠶᠢᠭᠤᠯᠤᠯᠲᠠ ᠶᠢᠨ ᠪᠠᠶᠢᠭᠤᠯᠤᠯᠲᠠ ᠶᠢᠨ ᠬᠠᠮᠢᠶ᠎ᠠ ᠪᠦᠬᠦᠢ ᠲᠥᠷᠥ ᠶᠢᠨ ᠪᠣᠳᠣᠯᠭ᠎ᠠ ᠵᠡᠷᠭᠡ ᠶᠢ  ᠠᠭᠤᠯᠭ᠎ᠠ ᠶᠢ ᠬᠠᠮᠤᠷᠴᠦ᠂ ᠰᠢᠤᠳᠠᠨ ᠢᠶᠠᠷ ᠢᠯᠡᠭᠡᠬᠦ ᠠᠷᠭ᠎ᠠ ᠪᠠᠷ ᠨᠠᠮ ᠤᠨ ᠭᠡᠰᠢᠭᠦᠨ ᠤ ᠭᠠᠷ  ᠲᠤ ᠳᠠᠮᠵᠢᠭᠤᠯᠵᠤ᠂ ᠨᠠᠮ ᠤᠨ ᠭᠡᠰᠢᠭᠦᠨ ᠢ ᠨᠤᠲᠤᠭ ᠠᠴᠠ ᠪᠠᠨ ᠰᠠᠯᠬᠤ ᠳᠤ ᠭᠡᠷ ᠪᠦᠯᠢ ᠠᠴᠠ ᠨᠢ ᠰᠠᠯᠭᠠᠬᠤ ᠦᠭᠡᠢ᠂ ᠨᠡᠭᠦᠵᠦ ᠶᠠᠪᠤᠬᠤ ᠳᠤ ᠠᠯᠳᠠᠬᠤ ᠦᠭᠡᠢ ᠪᠣᠯᠭᠠᠪᠠ ᠁      ᠰᠤᠷᠪᠤᠯᠵᠢᠯᠠᠭᠴᠢ ᠶᠢᠨ ᠰᠤᠷᠪᠤᠯᠵᠢᠯᠠᠭ᠎ᠠ ᠳᠤᠮᠳᠠ᠂ ᠨᠡᠶᠢᠭᠡᠮ ᠲᠣᠭᠤᠷᠢᠭ ᠤᠨ ᠠᠬᠠᠮᠠᠳ ᠨᠠᠮ ᠤᠨ ᠭᠡᠰᠢᠭᠦᠨ ᠰᠦᠨ ᠬᠦᠢ ᠵᠢᠶᠦ᠋ᠨ᠄ ︽ᠵᠡᠭᠡᠯᠢ ᠭᠤᠳᠤᠮᠵᠢ ᠪᠣᠯᠤᠨ ᠨᠡᠶᠢᠭᠡᠮ ᠲᠣᠭᠤᠷᠢᠭ ᠮᠠᠨ ᠤ ᠨᠠᠰᠤ ᠠᠬᠠᠰᠢᠷᠠᠵᠤ ᠪᠡᠶ᠎ᠡ ᠮᠠᠭᠤ ᠂ ᠤᠷᠳᠤ ᠬᠤᠭᠤᠴᠠᠭ᠎ᠠ ᠪᠠᠷ ᠭᠡᠷ ᠲᠡᠭᠡᠨ ᠬᠡᠪᠲᠡᠵᠦ  ᠪᠠᠶᠢᠭ᠎ᠠ ᠠᠬᠠᠮᠠᠳ ᠨᠠᠮ ᠤᠨ ᠭᠡᠰᠢᠭᠦᠨ ᠢ ᠬᠠᠯᠠᠮᠵᠢᠯᠠᠨ ᠬᠠᠯᠠᠮᠵᠢᠯᠠᠵᠤ  ᠪᠠᠶᠢᠬᠤ ᠨᠢ ᠮᠠᠰᠢ ᠨᠠᠷᠢᠨ ᠨᠢᠮᠪᠠᠢ ᠶᠤᠮ᠂ ᠵᠡᠭᠡᠯᠢ ᠭᠤᠳᠤᠮᠵᠢ ᠪᠣᠯᠤᠨ ᠨᠡᠶᠢᠭᠡᠮ ᠲᠣᠭᠤᠷᠢᠭ ᠤᠨ ᠨᠠᠮ  ᠤᠨ ᠵᠣᠬᠢᠶᠠᠨ ᠪᠠᠶᠢᠭᠤᠯᠤᠯᠲᠠ ᠶᠢᠨ ᠤᠳᠤᠷᠢᠳᠤᠯᠭ᠎ᠠ ᠨᠠᠷ ᠲᠣᠭᠲᠠᠮᠠᠯ ᠬᠤᠭᠤᠴᠠᠭ᠎ᠠ ᠲᠠᠢ ᠪᠠᠷ ᠰᠤᠷᠪᠤᠯᠵᠢᠯᠠᠬᠤ ᠪᠠᠷ ᠪᠠᠷᠠᠬᠤ ᠦᠭᠡᠢ᠂ ᠪᠢᠳᠡᠨ ᠳᠤ ᠠᠮᠢᠳᠤᠷᠠᠯ ᠤᠨ ᠬᠦᠴᠢᠷᠳᠡᠯ ᠢ ᠰᠢᠢᠳᠪᠦᠷᠢᠯᠡᠵᠦ ᠥᠭᠴᠦ᠂ ᠪᠠᠰᠠ ︽ᠰᠤᠷᠭᠠᠭᠤᠯᠢ  ᠳᠤ ᠬᠦᠷᠴᠦ ᠭᠡᠷ ᠲᠤᠨᠢ ᠬᠦᠷᠴᠦ︾᠂ ︽ᠠᠵᠢᠯ ᠠᠴᠠ ᠪᠠᠨ ᠠᠮᠠᠷᠠᠭᠰᠠᠨ ᠨᠠᠮ ᠤᠨ ᠭᠡᠰᠢᠭᠦᠨ ᠤ ᠨᠡᠭᠦᠳᠡᠯ ᠬᠢᠴᠢᠶᠡᠯ  ᠤᠨ ᠲᠠᠩᠬᠢᠮ︾ ᠢᠶᠠᠷ ᠳᠠᠮᠵᠢᠭᠤᠯᠤᠨ᠂ ᠪᠢᠳᠡᠨ ᠳᠤ ᠵᠣᠬᠢᠶᠠᠨ ᠪᠠᠶᠢᠭᠤᠯᠤᠯᠲᠠ ᠶᠢᠨ ᠬᠠᠯᠠᠮᠵᠢᠯᠠᠯ ᠪᠣᠯᠤᠨ ᠬᠠᠶᠢᠷ᠎ᠠ ᠬᠠᠯᠠᠮᠵᠢ ᠶᠢ ᠦᠨᠡᠨᠬᠦ ᠮᠡᠳᠡᠷᠡᠭᠦᠯᠪᠡ᠃      ᠦᠨᠳᠦᠰᠦᠨ ᠱᠠᠲᠤᠨ ᠤ ᠨᠠᠮ ᠤᠨ ᠵᠣᠬᠢᠶᠠᠨ ᠪᠠᠶᠢᠭᠤᠯᠤᠯᠲᠠ ᠶᠢᠨ ᠪᠠᠶᠢᠭᠤᠯᠤᠯᠲᠠ ᠪᠣᠯᠤᠨ ᠬᠥᠭᠵᠢᠯᠲᠡ ᠨᠢ ︽ᠤᠷᠤᠰᠬᠠᠯ ᠤᠰᠤ︾ ᠶᠢ ᠭᠦᠢᠴᠡᠳ ᠬᠠᠳᠠᠭᠠᠯᠠᠭᠰᠠᠨ ᠠᠴᠠ ᠰᠠᠶ᠋ᠢ ᠨᠡᠶᠢᠭᠡᠮ ᠲᠣᠭᠤᠷᠢᠭ ᠤᠨ ᠺᠠᠳ᠋ᠷ ᠤᠨ ︽ᠬᠠᠯᠠᠭᠤᠷᠠᠯ︾ ᠢ ᠬᠥᠭᠵᠢᠭᠡᠵᠦ᠂ ᠨᠡᠶᠢᠭᠡᠮ ᠲᠣᠭᠤᠷᠢᠭ ᠤᠨ ᠦᠢᠯᠡᠴᠢᠯᠡᠭᠡᠨ ᠤ ︽ᠬᠠᠯᠠᠭᠤᠨ ᠳᠤᠯᠠᠭᠠᠨ︾ ᠢ ᠳᠡᠭᠡᠭᠰᠢᠯᠡᠭᠦᠯᠵᠦ᠂ ᠠᠵᠢᠯ ᠤᠨ ᠨᠠᠶᠢᠳᠠᠪᠤᠷᠢᠵᠢᠭᠤᠯᠤᠯᠲᠠ ᠶᠢᠨ ︽ᠡᠷᠴᠢᠮ︾ ᠢ ᠪᠠᠲᠤᠯᠠᠭᠰᠠᠨ ᠪᠠᠶᠢᠨ᠎ᠠ᠃ ᠢᠩᠭᠢᠭᠡᠳ ᠵᠡᠭᠡᠯᠢ ᠭᠤᠳᠤᠮᠵᠢ ᠶᠢᠨ ᠨᠠᠮ ᠤᠨ ᠠᠵᠢᠯ ᠤᠨ ᠬᠤᠷᠢᠶ᠎ᠠ ᠶᠢᠨ ᠬᠦᠴᠦᠲᠡᠶ ᠠᠬᠢᠭᠤᠯᠤᠯ ᠳᠣᠣᠷ᠎ᠠ᠂ ᠱᠢ ᠴᠢ ᠨᠡᠶᠢᠭᠡᠮ ᠲᠣᠭᠤᠷᠢᠭ᠂ ᠰᠢᠩ ᠺᠠᠩ ᠨᠡᠶᠢᠭᠡᠮ ᠲᠣᠭᠤᠷᠢᠭ ᠵᠡᠷᠭᠡ 9 ᠨᠡᠶᠢᠭᠡᠮ ᠲᠣᠭᠤᠷᠢᠭ ᠤᠨ ᠰᠢᠨ᠎ᠡ ᠴᠠᠭ ᠦᠶ᠎ᠡ  ᠶᠢᠨ ᠪᠣᠯᠪᠠᠰᠤᠨ ᠤ ᠦᠢᠯᠡᠳᠦᠯᠭᠡ ᠶᠢᠨ ᠥᠷᠲᠡᠭᠡ ᠪᠠᠶᠢᠭᠤᠯᠤᠭᠳᠠᠵᠤ᠂ ᠬᠢᠮᠳᠠ ᠣᠷᠣᠨ ᠰᠠᠭᠤᠴᠠ ᠶᠢᠨ ᠦᠢᠯᠡᠴᠢᠯᠡᠭᠡᠨ ᠤ ᠠᠩᠭᠢ᠂ ᠤᠷᠠᠯᠢᠭ ᠤᠨ ᠬᠦᠷᠢᠶᠡᠯᠡᠩ ᠤᠨ  ᠰᠠᠶᠢᠨ ᠳᠤᠷ᠎ᠠ ᠶᠢᠨ ᠠᠵᠢᠭᠯᠠᠭᠴᠢ ᠶᠢᠨ ᠠᠩᠭᠢ ᠵᠡᠷᠭᠡ 10 ᠡᠩᠨᠡᠭᠡ ᠶᠢᠨ  ᠰᠠᠶᠢᠨ ᠳᠤᠷ᠎ᠠ ᠶᠢᠨ ᠦᠢᠯᠡᠴᠢᠯᠡᠭᠡᠨ ᠤ ᠠᠵᠢᠯᠯᠠᠭ᠎ᠠ ᠥᠷᠨᠢᠵᠦ᠂ ᠰᠢᠨᠵᠢᠯᠡᠬᠦ ᠤᠬᠠᠭᠠᠨ ᠤ ᠣᠨᠣᠯ  ᠢ ᠦᠢᠯᠡᠳᠦᠯᠭᠡᠵᠢᠭᠦᠯᠬᠦ ᠠᠴᠠ ᠨᠠᠮ ᠤᠨ ᠲᠥᠷᠥ ᠶᠢᠨ ᠪᠣᠳᠣᠯᠭ᠎ᠠ ᠶᠢ ᠤᠬᠠᠭᠤᠯᠬᠤ ᠬᠦᠷᠲᠡᠯ᠎ᠡ᠂ ᠰᠣᠶᠣᠯ ᠤᠨ ᠠᠮᠢᠳᠤᠷᠠᠯ ᠢ ᠬᠥᠭᠵᠢᠭᠡᠬᠦ ᠠᠴᠠ ᠪᠣᠯᠪᠠᠰᠤᠨ ᠢ ᠡᠭᠦᠳᠦᠨ ᠪᠠᠶᠢᠭᠤᠯᠬᠤ ᠠᠵᠢᠯ ᠢ ᠭᠦᠨᠵᠡᠭᠡᠶᠢᠷᠡᠭᠦᠯᠬᠦ ᠬᠦᠷᠲᠡᠯ᠎ᠡ ᠁ ᠴᠠᠭ ᠦᠶ᠎ᠡ ᠶᠢᠨ ᠰᠢᠨ᠎ᠡ ᠬᠡᠪ ᠰᠤᠷᠲᠠᠯ ᠨᠢ ᠶᠠᠭ ᠠᠷᠠᠳ ᠤᠨ ᠵᠠᠮ ᠵᠡᠭᠡᠯᠢ ᠭᠤᠳᠤᠮᠵᠢ ᠶᠢᠨ ᠨᠡᠶᠢᠭᠡᠮ ᠲᠣᠭᠤᠷᠢᠭ  ᠤᠨ ᠨᠠᠮ ᠤᠨ ᠪᠠᠶᠢᠭᠤᠯᠤᠯᠲᠠ ᠶᠢᠨ ᠠᠵᠢᠯ ᠢ ᠬᠦᠴᠦᠲᠡᠢ ᠠᠬᠢᠭᠤᠯᠵᠤ ᠪᠠᠶᠢᠨ᠎ᠠ︕ ︵ᠰᠢᠨ᠎ᠡ ᠵᠠᠭᠤᠴᠢᠯᠠᠭᠤᠷ ᠤᠨ ᠲᠥᠪ ᠯᠢᠦ ᠺᠧ ᠰᠢᠨ︶  
 
ᠢᠷᠡᠯᠲᠡ᠄ ᠰᠠᠶᠢᠬᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10000440号