ᠡᠨᠡ ᠬᠦ  ᠬᠤᠷᠢᠶᠠᠯᠠᠯ ᠤᠨ ᠠᠵᠢᠯ ᠦᠢᠯᠡᠰ ᠤᠨ ᠵᠥᠪᠯᠡᠯ ᠪᠠᠶᠢᠭᠤᠯᠤᠭᠳᠠᠪᠠ︕
ᠨᠡᠶᠢᠲᠡᠯᠡᠭᠰᠡᠨ ᠴᠠᠭ᠄
2019/5/17
     5 ᠰᠠᠷ᠎ᠠ ᠶᠢᠨ 12 ᠤᠨ ᠡᠳᠦᠷ᠂ ᠰᠠᠶᠢᠬᠠᠨ ᠲᠣᠭᠤᠷᠢᠭ ᠤᠨ ᠴᠡᠯᠡᠭᠡᠷ ᠲᠠᠯ᠎ᠠ ᠵᠡᠭᠡᠯᠢ ᠭᠤᠳᠤᠮᠵᠢ ᠶᠢᠨ ᠸᠠᠨ ᠵᠧᠩ ᠱᠠᠩ ᠳ᠋ᠦ᠋ ᠨᠡᠶᠢᠭᠡᠮ ᠲᠣᠭᠤᠷᠢᠭ ᠤᠨ ᠯᠢᠦᠶ ᠳ᠋ᠢ ᠭᠦᠩ ᠭᠤᠸᠠᠨ ᠨᠢᠭᠡᠳᠦᠭᠡᠷ ᠬᠤᠷᠢᠶᠠᠯᠠᠯ ᠤᠨ ᠰᠠᠭᠤᠭᠠᠯᠢ ᠠᠷᠠᠳ ᠦᠮᠴᠢᠲᠡᠨ ᠤ ᠶᠡᠭᠡ ᠬᠤᠷᠠᠯ ᠢᠶᠠᠷ ᠳᠠᠮᠵᠢᠭᠤᠯᠤᠨ ᠠᠩᠬᠠᠳᠤᠭᠠᠷ ᠬᠤᠭᠤᠴᠠᠭᠠᠨ ᠤ ᠦᠮᠴᠢᠲᠡᠨ ᠤᠨ ᠵᠥᠪᠯᠡᠯ ᠤᠨ ᠪᠦᠷᠢᠯᠳᠦᠬᠦᠨ ᠢ ᠰᠣᠩᠭᠤᠨ ᠭᠠᠷᠭᠠᠪᠠ᠂ ᠡᠨᠡ ᠨᠢ ᠬᠤᠷᠢᠶᠠᠯᠠᠯ ᠤᠨ ᠠᠳᠠᠯ ᠠᠬᠤᠢ ᠶᠢᠨ ᠬᠠᠮᠢᠶᠠᠷᠤᠯᠲᠠ  ᠵᠢᠷᠤᠮᠵᠢᠵᠤ᠂ ᠵᠣᠬᠢᠶᠠᠨ ᠪᠠᠶᠢᠭᠤᠯᠤᠯᠲᠠ ᠰᠢᠨ᠎ᠡ  ᠪᠠᠶᠢᠳᠠᠯ ᠳᠤ ᠣᠷᠣᠬᠤ ᠭᠡᠵᠦ ᠪᠠᠶᠢᠭ᠎ᠠ ᠶᠢ ᠬᠠᠷᠠᠭᠤᠯᠵᠤ ᠪᠠᠶᠢᠨ᠎ᠠ᠃      ᠬᠤᠷᠢᠶᠠᠯᠠᠯ ᠤᠨ ᠥᠮᠴᠢᠲᠡᠨ᠂ ᠨᠡᠶᠢᠭᠡᠮ ᠲᠣᠭᠤᠷᠢᠭ ᠵᠢᠴᠢ ᠠᠳᠠᠯ ᠠᠬᠤᠢ ᠶᠢᠨ ᠡᠷᠬᠢᠯᠡᠨ ᠬᠠᠮᠢᠶᠠᠷᠬᠤ ᠰᠠᠯᠠᠭ᠎ᠠ ᠮᠥᠴᠢᠷ ᠤᠨ ᠬᠢᠨᠠᠯᠲᠠ ᠳᠣᠤᠷ᠎ᠠ᠂ ᠪᠡᠯᠡᠳᠬᠡᠯ ᠳᠤᠭᠤᠶᠢᠯᠠᠩ ᠤᠨ ᠠᠵᠢᠯᠲᠠᠨ ᠬᠠᠶᠢᠷᠴᠠᠭ ᠨᠡᠭᠡᠭᠡᠵᠦ ᠪᠢᠯᠧᠲ ᠰᠢᠯᠭᠠᠵᠤ᠂ ᠰᠣᠩᠭᠤᠭᠤᠯᠢ ᠶᠢᠨ ᠪᠢᠯᠧᠲ ᠤᠨ ᠲᠤᠭ᠎ᠠ ᠶᠢ ᠪᠦᠷᠢᠳᠬᠡᠨ᠎ᠡ᠃ ᠬᠤᠷᠢᠶᠠᠯᠠᠯ ᠤᠨ ᠠᠳᠠᠯ ᠠᠬᠤᠢ ᠶᠢᠨ ᠬᠠᠮᠢᠶᠠᠷᠤᠯᠲᠠ ᠶᠢᠨ ᠣᠷᠣᠨ ᠪᠦᠰᠡ ᠶᠢᠨ ᠡᠷᠦᠬᠡ ᠶᠢᠨ ᠲᠤᠭ᠎ᠠ ᠨᠡᠶᠢᠲᠡ 1318 ᠡᠷᠦᠬᠡ᠂ ᠡᠭᠦᠨ ᠳᠤ ᠪᠢᠯᠧᠲ ᠥᠭᠬᠦ ᠳᠤ ᠣᠷᠣᠯᠴᠠᠭᠰᠠᠨ ᠨᠢ ᠨᠡᠶᠢᠲᠡ 1019 ᠡᠷᠦᠬᠡ᠃ ᠬᠤᠶᠠᠷ ᠴᠠᠭ ᠭᠠᠷᠤᠶ ᠶᠢᠨ ᠪᠢᠯᠧᠲ ᠤᠨ ᠪᠦᠷᠢᠳᠬᠡᠯ ᠢ ᠦᠨᠳᠦᠰᠦᠯᠡᠪᠡᠯ᠂ ᠡᠴᠦᠰ ᠤᠨ 9 ᠵᠢᠱᠢᠭᠳᠡᠭᠴᠢ ᠶᠢᠨ ᠳᠣᠲᠣᠷ᠎ᠠ᠂ 7 ᠵᠢᠱᠢᠭᠳᠡᠭᠴᠢ ᠠᠮᠵᠢᠯᠲᠠᠲᠠᠶ ᠰᠣᠩᠭᠤᠭᠳᠠᠭᠰᠠᠨ ᠪᠠᠶᠢᠨ᠎ᠠ᠃ ᠬᠤᠷᠢᠶᠠᠯᠠᠯ ᠤᠨ ᠰᠠᠭᠤᠭᠠᠯᠢ ᠠᠷᠠᠳ ᠹᠠᠩ ᠴᠢᠩ ᠵᠢᠶᠦ᠋ᠨ ᠰᠤᠷᠪᠤᠯᠵᠢᠯᠠᠭᠴᠢ ᠳᠤ᠄ ︽ᠥᠩᠭᠡᠷᠡᠭᠡᠭᠰᠡᠨ ᠳᠤ ᠬᠤᠷᠢᠶᠠᠯᠠᠯ ᠤᠰᠤ ᠬᠠᠩᠭᠠᠵᠤ ᠳᠡᠶᠢᠯᠬᠦ ᠥᠬᠡᠶ ᠪᠠᠶᠢᠭᠰᠠᠨ ᠪᠥᠭᠡᠳ ᠴᠠᠬᠢᠯᠭᠠᠨ ᠱᠠᠲᠤᠨ ᠳᠤ ᠴᠤ ᠪᠠᠶᠢᠨ ᠳᠠᠬᠢᠨ ᠭᠡᠮᠲᠦᠯ ᠭᠠᠷᠴᠤ᠂ ᠳᠤᠯᠠᠭᠠᠯᠠᠭ᠎ᠠ ᠨᠢ ᠡᠪᠦᠯ ᠳᠤᠯᠠᠭᠠᠷᠠᠬᠤ ᠥᠬᠡᠶ ᠠᠰᠠᠭᠤᠳᠠᠯ ᠣᠷᠣᠰᠢᠵᠤ ᠪᠠᠶᠢᠪᠠ᠃ ᠪᠢᠳᠡ ᠥᠮᠴᠢᠲᠡᠨ ᠪᠣᠯᠤᠭᠰᠠᠨ ᠤ ᠬᠤᠪᠢ ᠳᠤ᠂ ᠠᠳᠠᠯ ᠠᠬᠤᠶ ᠬᠤᠷᠢᠶᠠᠯᠠᠯ ᠢ ᠰᠠᠶᠢᠲᠤᠷ ᠬᠠᠮᠢᠶᠠᠷᠴᠤ ᠴᠢᠳᠠᠬᠤ ᠶᠢ ᠬᠠᠮᠤᠭ ᠠᠴᠠ ᠬᠦᠰᠡᠵᠦ ᠪᠠᠶᠢᠨ᠎ᠠ᠂ ᠦᠮᠴᠢᠲᠡᠨ ᠤᠨ ᠵᠥᠪᠯᠡᠯ ᠪᠠᠶᠢᠭᠤᠯᠬᠤ ᠪᠣᠯ ᠮᠠᠨ ᠤ ᠬᠤᠷᠢᠶᠠᠯᠠᠯ ᠤᠨ ᠥᠷᠭᠡᠨ ᠣᠯᠠᠨ ᠰᠠᠭᠤᠭᠠᠯᠢ ᠠᠷᠠᠳ ᠤᠨ ᠬᠠᠮᠲᠤ ᠶᠢᠨ ᠰᠡᠳᠬᠢᠯ ᠤᠨ ᠳᠠᠭᠤᠨ ᠪᠤᠯᠤᠨ᠎ᠠ᠂ ᠣᠯᠠᠨ ᠢᠶᠠᠷ ᠢᠶᠠᠨ ᠴᠥᠮ ᠪᠠᠶᠠᠷᠯᠠᠨ ᠵᠣᠷᠢᠭᠵᠢᠵᠤ᠂ ᠦᠮᠴᠢᠲᠡᠨ ᠤᠨ ᠵᠥᠪᠯᠡᠯ ᠤᠨ ᠬᠢᠨ ᠠᠳᠠᠯ ᠠᠬᠤᠶ ᠳᠤ ᠬᠢᠨᠠᠯᠲᠠ ᠲᠠᠯᠪᠢᠵᠤ ᠬᠤᠷᠢᠶᠠᠯᠠᠯ ᠤᠨ ᠬᠤᠯᠪᠣᠭᠳᠠᠯ ᠪᠦᠬᠦᠢ ᠠᠰᠠᠭᠤᠳᠠᠯ ᠢ ᠰᠠᠶᠢᠲᠤᠷ ᠰᠢᠢᠳᠪᠦᠷᠢᠯᠡᠵᠦ ᠰᠠᠶᠢᠲᠤᠷ ᠨᠠᠶᠢᠳᠠᠪᠤᠷᠢᠵᠢᠭᠤᠯᠬᠤ ᠶᠢ ᠬᠦᠰᠡᠵᠦ ᠪᠠᠶᠢᠨ᠎ᠠ᠃      ᠤᠯᠠᠨ ᠲᠦᠮᠡᠨᠴᠢ  ᠴᠢᠨᠠᠷᠲᠠᠢ‌ᠥᠪᠡᠷᠲᠡᠭᠡᠨ ᠵᠠᠰᠠᠬᠤ ᠵᠣᠬᠢᠶᠠᠨ ᠪᠠᠶᠢᠭᠤᠯᠤᠯᠲᠠ ᠪᠣᠯᠤᠭᠰᠠᠨ ᠤ ᠬᠤᠪᠢ ᠳᠤ᠂ ᠦᠮᠴᠢᠲᠡᠨ ᠤᠨ ᠵᠥᠪᠯᠡᠯ ᠪᠣᠯ ᠦᠨᠳᠦᠰᠦᠨ ᠱᠠᠲᠤᠨ ᠤ ᠨᠡᠶᠢᠭᠡᠮ ᠤᠨ ᠵᠠᠰᠠᠯᠲᠠ ᠶᠢᠨ ᠰᠢᠰᠲ᠋ᠧᠮ ᠤᠨ ᠳᠤᠲᠠᠭᠳᠠᠵᠤ ᠪᠣᠯᠣᠰᠢ ᠦᠭᠡᠢ ᠨᠢᠭᠡ ᠨᠢᠭᠡᠴᠡ ᠪᠣᠯᠤᠨ᠎ᠠ᠃ ᠰᠠᠶᠢᠬᠠᠨ ᠲᠣᠭᠤᠷᠢᠭ ᠤᠨ ᠠᠳᠠᠯ ᠠᠬᠤᠢ ᠶᠢᠨ ᠦᠢᠯᠡᠴᠢᠯᠡᠭᠡᠨ ᠤ ᠲᠥᠪ ᠪᠥᠬᠦ ᠶᠠᠪᠤᠴᠠ ᠳᠤ ᠵᠢᠯᠣᠭᠤᠳᠣᠯᠭ᠎ᠠ ᠬᠢᠪᠡ᠃ ᠠᠳᠠᠯ ᠠᠬᠤᠢ ᠶᠢᠨ ᠠᠯᠪᠠᠨ ᠭᠡᠷ᠂ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ᠂ ᠥᠮᠴᠢᠲᠡᠨ ᠤ ᠲᠥᠯᠥᠭᠡᠯᠡᠭᠴᠢ ᠵᠢᠴᠢ ᠭᠠᠵᠠᠷ ᠬᠦᠷᠦᠩᠭᠡ ᠶᠢᠨ ᠬᠤᠳᠠᠯᠳᠤᠭᠠᠴᠢᠨ ᠬᠠᠮᠲᠤᠷᠠᠯᠴᠠᠨ ᠪᠡᠯᠡᠳᠬᠡᠯ ᠳᠤᠭᠤᠶᠢᠯᠠᠩ ᠪᠠᠶᠢᠭᠤᠯᠵᠤ᠂ 50 ᠭᠠᠷᠤᠶ ᠡᠳᠦᠷ ᠤᠨ ᠪᠡᠯᠡᠳᠬᠡᠯ ᠢᠶᠠᠷ ᠳᠠᠮᠵᠢᠨ᠂ 5 ᠰᠠᠷ᠎ᠠ ᠶᠢᠨ 6 ᠤ ᠡᠳᠦᠷ ᠠᠴᠠ 12 ᠤᠨ ᠡᠳᠦᠷ ᠪᠣᠯᠲᠠᠯ᠎ᠠ ᠠᠩᠬᠠᠳᠤᠭᠠᠷ ᠤᠳᠠᠭᠠᠨ ᠤ ᠦᠮᠴᠢᠲᠡᠨ ᠤᠨ ᠶᠡᠭᠡ ᠬᠤᠷᠠᠯ ᠢ ᠬᠤᠷᠠᠯᠳᠤᠭᠤᠯᠵᠤ᠂ ᠦᠮᠴᠢᠲᠡᠨ ᠤᠨ ᠵᠥᠪᠯᠡᠯ ᠢ ᠵᠢᠩᠬᠢᠨᠢ ᠪᠠᠷ ᠪᠠᠶᠢᠭᠤᠯᠪᠠ᠃ ︽ᠨᠢᠳᠤᠨᠤᠨ ᠠᠴᠠ ᠡᠬᠢᠯᠡᠨ᠂ ᠪᠢᠳᠡ ᠡᠩ ᠲᠡᠷᠢᠭᠦᠨ ᠳᠤ ᠬᠤᠷᠢᠶᠠᠯᠠᠯ ᠤᠨ ᠠᠰᠠᠷ ᠤᠨ ᠳᠠᠷᠤᠭ᠎ᠠ᠂ ᠨᠢᠭᠡᠴᠢ ᠤᠨ ᠳᠠᠷᠤᠭ᠎ᠠ ᠵᠢᠴᠢ ᠰᠠᠶᠢᠨ ᠳᠤᠷ᠎ᠠ ᠶᠢᠨ ᠠᠵᠢᠯᠯᠠᠭᠴᠢ ᠶᠢ ᠰᠣᠩᠭᠤᠨ ᠭᠠᠷᠭᠠᠵᠤ᠂ ᠨᠠᠩ ᠣᠯᠠᠨ ᠰᠠᠭᠤᠭᠠᠯᠢ ᠠᠷᠠᠳ ᠢ ᠨᠡᠶᠢᠭᠡᠮ ᠲᠣᠭᠤᠷᠢᠭ ᠤᠨ ᠵᠠᠰᠠᠯᠲᠠ ᠶᠢᠨ ᠶᠠᠪᠤᠴᠠ ᠳᠤ ᠣᠷᠣᠯᠴᠠᠭᠤᠯᠪᠠ᠃ ᠥᠨᠥᠳᠥᠷ ᠦᠮᠴᠢᠲᠡᠨ ᠤᠨ ᠵᠥᠪᠯᠡᠯ ᠢ ᠪᠠᠶᠢᠭᠤᠯᠤᠭᠰᠠᠨ ᠤ ᠳᠠᠷᠠᠭ᠎ᠠ᠂ ᠪᠢᠳᠡ ᠨᠡᠶᠢᠭᠡᠮ ᠲᠣᠭᠤᠷᠢᠭ ᠲᠤ ᠣᠯᠠᠨ ᠡᠰᠢᠲᠦ ᠬᠠᠮᠲᠤ ᠪᠠᠷ ᠵᠠᠰᠠᠬᠤ ᠰᠢᠰᠲ᠋ᠧᠮᠵᠢ ᠶᠢ  ᠪᠠᠶᠢᠭᠤᠯᠵᠤ᠂ ᠨᠡᠶᠢᠭᠡᠮ ᠲᠣᠭᠤᠷᠢᠭ  ᠤᠨ ᠨᠠᠮ ᠤᠨ ᠡᠭᠦᠷ᠂ ᠰᠠᠭᠤᠭᠠᠯᠢ ᠠᠷᠠᠳ ᠤᠨ ᠵᠥᠪᠯᠡᠯ᠂ ᠦᠮᠴᠢᠲᠡᠨ ᠤᠨ ᠵᠥᠪᠯᠡᠯ ᠵᠢᠴᠢ ᠬᠤᠯᠪᠣᠭᠳᠠᠯ ᠪᠦᠬᠦᠢ ᠵᠠᠷᠢᠮ ᠡᠭᠦᠷᠭᠡ ᠴᠢᠳᠠᠪᠬᠢᠲᠤ ᠰᠠᠯᠠᠭ᠎ᠠ ᠮᠥᠴᠢᠷ ᠪᠣᠯᠤᠨ ᠠᠳᠠᠯ ᠠᠬᠤᠢ ᠶᠢᠨ ᠠᠵᠤ ᠠᠬᠤᠢᠯᠠᠯ ᠲᠠᠢ ᠬᠠᠮᠲᠤ ᠪᠠᠷ ᠬᠤᠯᠪᠣᠭᠠᠯᠠᠨ ᠬᠥᠳᠡᠯᠦᠯᠴᠡᠬᠦ ᠪᠣᠯᠤᠨ᠎ᠠ᠃︾ ᠭᠡᠵᠦ ᠸᠠᠨ ᠵᠧᠩ ᠱᠠᠩ ᠳ᠋ᠦ᠋ ᠨᠡᠶᠢᠭᠡᠮ ᠲᠣᠭᠤᠷᠢᠭ ᠤᠨ ᠱᠦᠵᠢ ᠭᠦᠸᠧ ᠵᠢᠶᠦ᠋ᠨ ᠸᠧᠢ ᠰᠤᠷᠪᠤᠯᠵᠢᠯᠠᠭᠴᠢ ᠳᠤ ᠬᠡᠯᠡᠪᠡ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备10000440号