ᠪᠥᠬᠦ ᠲᠤᠭᠤᠷᠢᠭ ᠤᠨ ᠠᠯᠪᠠᠯᠠᠬᠤ ᠰᠢᠰᠲ᠋ᠧᠮ ᠤᠨ ᠠᠵᠢᠯ ᠤᠨ ᠪᠦᠲᠦᠭᠡᠯ ᠪᠠ ᠶᠠᠰᠤ ᠴᠢᠨᠠᠷ ᠢ ᠤᠯᠠᠮ ᠨᠢᠭᠡ | ᠠᠯᠬᠤᠮ ᠳᠡᠭᠡᠭᠰᠢᠯᠡᠭᠦᠯᠬᠦ ᠶᠢᠨ ᠲᠤᠰᠠᠳᠠ᠂ 8 ᠰᠠᠷ᠎ᠠ ᠶᠢᠨ24 ᠤ ᠡᠳᠦᠷ ᠪᠦᠬᠦ ᠲᠤᠭᠤᠷᠢᠭ ᠤᠨ ᠠᠯᠪᠠᠯᠠᠬᠤ | ᠰᠢᠰᠲ᠋ᠧᠮ ᠤᠨ ᠠᠯᠪᠠᠨ ᠪᠢᠴᠢᠭ ᠰᠢᠢᠳᠪᠦᠷᠢᠯᠡᠬᠦ ᠵᠢᠴᠢ ᠨᠠᠮ ᠤᠨ ᠠᠵᠢᠯ ᠢ ᠢᠯᠡ ᠪᠣᠯᠭᠠᠬᠤ ᠠᠵᠢᠯ ᠤᠨ ᠪᠣᠯᠪᠠᠰᠤᠷᠠᠯ | ᠤᠨ ᠬᠤᠷᠠᠯ ᠢ ᠬᠤᠷᠠᠯᠳᠤᠪᠠ᠃ ᠬᠤᠷᠠᠯ ᠢ ᠲᠤᠭᠤᠷᠢᠭ ᠤᠨ ᠨᠠᠮ ᠤᠨ ᠬᠤᠷᠢᠶ᠎ᠠ ᠶᠢᠨ ᠪᠠᠶᠢᠩᠭᠤ ᠶᠢᠨ ᠭᠡᠰᠢᠭᠦᠨ᠂ | ᠲᠤᠭᠤᠷᠢᠭ ᠤᠨ ᠨᠠᠮ ᠤᠨ ᠬᠤᠷᠢᠶ᠎ᠠ ᠶᠢᠨ ᠠᠯᠪᠠᠨ ᠭᠡᠷ ᠤᠨ ᠡᠷᠬᠢᠯᠡᠭᠴᠢ ᠵᠠᠩ ᠰᠦᠦ ᠸᠧᠢ ᠡᠷᠬᠢᠯᠡᠨ ᠬᠤᠷᠠᠯᠳᠤᠭᠤᠯᠪᠠ | ᠂ ᠡᠯ᠎ᠡ ᠭᠠᠵᠠᠷ ᠣᠷᠣᠨ᠂ ᠡᠯ᠎ᠡ ᠰᠠᠯᠠᠭ᠎ᠠ ᠮᠥᠴᠢᠷ ᠤᠨ ᠬᠤᠯᠪᠣᠭᠳᠠᠯ ᠪᠦᠬᠦᠢ ᠬᠠᠷᠢᠭᠤᠴᠠᠯᠭᠠᠲᠠᠨ ᠪᠣᠯᠪᠠᠰᠤᠷᠠᠯ ᠳᠤ | ᠣᠷᠣᠯᠴᠠᠭᠰᠠᠨ ᠪᠠᠶᠢᠨ᠎ᠠ᠃ | ᠬᠤᠲᠠ ᠶᠢᠨ ᠨᠠᠮ ᠤᠨ ᠬᠤᠷᠢᠶᠠᠨ ᠤ ᠠᠯᠪᠠᠨ ᠲᠢᠩᠬᠢᠮ ᠤᠨ ᠨᠠᠷᠢᠨ ᠪᠢᠴᠢᠭ ᠤᠨ ᠰᠠᠯᠠᠭᠠᠨ ᠤ ᠰᠠᠯᠠᠭᠠᠨ | ᠳᠠᠷᠤᠭ᠎ᠠ ᠸᠠᠩ ᠰᠢᠶᠣᠣ ᠮᠢᠩ ᠢ ᠤᠷᠢᠵᠤ ᠲᠤᠰᠬᠠᠢ ᠰᠡᠳᠦᠪᠲᠦ ᠬᠠᠪᠰᠤᠷᠤᠨ ᠵᠢᠯᠤᠭᠤᠳᠤᠯᠭ᠎ᠠ ᠬᠢᠪᠡ᠃ ᠸᠠᠩ | ᠰᠢᠶᠣᠣ ᠮᠢᠩ ᠠᠴᠠ ᠠᠯᠪᠠᠨ ᠪᠢᠴᠢᠭ ᠤᠨ ᠲᠦ᠋ᠷᠦᠯ ᠵᠦᠢᠯ᠂ ᠠᠯᠪᠠᠨ ᠪᠢᠴᠢᠭ ᠤᠨ ᠬᠡᠯᠪᠡᠷᠢ᠂ ᠠᠯᠪᠠᠨ ᠪᠢᠴᠢᠭ | ᠶᠠᠪᠤᠭᠤᠯᠬᠤ ᠲᠦᠷᠢᠮ᠂ ᠠᠯᠪᠠᠨ ᠪᠢᠴᠢᠭ ᠨᠤᠷᠠᠭᠯᠠᠨ ᠲᠤᠭᠲᠠᠭᠠᠬᠤ᠂ ᠠᠯᠪᠠᠨ ᠪᠢᠴᠢᠭ ᠤᠨ ᠬᠠᠮᠢᠶᠠᠷᠤᠯᠲᠠ ᠵᠡᠷᠭᠡ 8 | ᠲᠠᠯ᠎ᠠ ᠠᠴᠠ ᠭᠠᠷᠳᠠᠵᠤ᠂ ᠠᠯᠪᠠᠨ ᠪᠢᠴᠢᠭ ᠢ ᠰᠢᠢᠳᠪᠦᠷᠢᠯᠡᠬᠦ ᠠᠵᠢᠯ ᠤᠨ ᠳᠤᠮᠳᠠ ᠳᠠᠪᠬᠤᠷᠭᠠᠲ᠋ᠠᠪᠬᠤᠷᠭᠠ ᠪᠠᠷ | ᠭᠦᠨ ᠭᠦᠨᠵᠡᠭᠡᠶ ᠵᠠᠳᠠᠯᠤᠨ ᠰᠢᠨᠵᠢᠯᠡᠵᠦ᠂ ᠡᠯ᠎ᠡ ᠵᠦᠢᠯ ᠤᠨ ᠵᠢᠷᠤᠮᠵᠢᠯ ᠪᠠ ᠱᠠᠭᠠᠷᠳᠠᠯᠭ᠎ᠠ ᠶᠢ ᠶᠠᠷᠢᠭᠰᠠᠨ ᠪᠠᠶᠢᠨ᠎ᠠ᠃ | ᠡᠭᠦᠨ ᠤ ᠬᠠᠮᠲᠤ ᠣᠳᠣᠬᠠᠨ ᠤ ᠡᠯ᠎ᠡ ᠨᠢᠭᠡᠴᠡ᠂ ᠡᠯ᠎ᠡ ᠰᠠᠯᠠᠭ᠎ᠠ ᠮᠦᠴᠢᠷ ᠤᠨ ᠨᠡᠶᠢᠳᠡᠮ ᠣᠷᠣᠰᠢᠵᠤ ᠪᠠᠶᠢᠭᠠᠠᠯᠪᠠᠨ | ᠪᠢᠴᠢᠭ ᠶᠠᠪᠤᠭᠤᠯᠬᠤ ᠵᠢᠷᠤᠮᠵᠢᠭᠤᠨ ᠪᠤᠰᠤ᠂ ᠬᠤᠴᠣᠷᠤᠭᠰᠠᠨ ᠦᠭᠡ ᠶᠢ ᠬᠡᠷᠡᠭᠯᠡᠬᠦ᠂ ᠵᠢᠷᠤᠮᠵᠢᠯ ᠦᠭᠡᠢ ᠬᠠᠳᠠᠭᠠᠯᠠᠬᠤ | ᠵᠡᠷᠭᠡ ᠠᠰᠠᠭᠤᠳᠠᠯ ᠢ ᠵᠢᠱᠢᠶ᠎ᠡ ᠪᠣᠯᠭᠠᠭᠰᠠᠨ ᠵᠠᠳᠠᠯᠵᠤ ᠤᠯᠠᠨ ᠲᠠᠢ ᠬᠠᠮᠲᠤ ᠠᠯᠪᠠᠨ ᠪᠢᠴᠢᠭ ᠢ ᠰᠢᠢᠳᠪᠦᠷᠢᠯᠡᠬᠦ | ᠶᠠᠪᠤᠴᠠ ᠳᠤ ᠦᠷᠭᠦᠯᠵᠢ ᠭᠠᠷᠳᠠᠭ ᠠᠯᠳᠠᠭ᠎ᠠ ᠪᠣᠯᠤᠨ ᠵᠥᠪ ᠠᠷᠭ᠎ᠠ ᠶᠢ ᠰᠤᠳᠤᠯᠤᠨ ᠶᠠᠷᠢᠯᠴᠠᠪᠠ᠃ ᠲᠡᠷᠡ | ᠣᠨᠴᠠᠭᠠᠶᠢᠯᠠᠨ ᠴᠢᠬᠤᠯᠠᠴᠢᠯᠠᠭᠰᠠᠨ ᠨᠢ᠂ ᠠᠯᠪᠠᠨ ᠪᠢᠴᠢᠭ ᠤᠨ ᠶᠠᠰᠤ ᠴᠢᠨᠠᠷ ᠪᠤᠯ ᠪᠠᠶᠢᠭᠤᠯᠭ᠎ᠠ ᠶᠢᠨ ᠠᠵᠢᠯ ᠤᠨ | ᠰᠤᠷᠲᠠᠯ ᠪᠠ ᠠᠵᠢᠯ ᠤᠨ ᠣᠪᠣᠷ ᠢ ᠲᠤᠭᠲᠠᠭᠠᠨ᠎ᠠ᠂ ᠠᠯᠪᠠᠨ ᠪᠢᠴᠢᠭ ᠤᠨ ᠲᠥᠷᠥ ᠶᠢᠨ ᠪᠣᠳᠣᠯᠭ᠎ᠠ ᠶᠢᠨ ᠪᠣᠭᠤᠮᠲᠠ ᠶᠢ | ᠴᠢᠩᠭ᠎ᠠ ᠠᠳᠬᠤᠬᠤ ᠠᠴᠠ ᠭᠠᠳᠠᠨ᠎ᠠ᠂ ᠪᠠᠰᠠ ᠨᠢᠭᠤᠴᠠ ᠳᠤ ᠬᠤᠯᠪᠣᠭᠳᠠᠬᠤ ᠵᠡᠷᠭᠡ ᠳᠡᠰ᠂ ᠠᠯᠪᠠᠨ ᠪᠢᠴᠢᠭ | ᠲᠠᠷᠬᠠᠭᠠᠬᠤ ᠢᠯᠡᠳᠬᠡᠮᠵᠢ ᠳᠡᠮᠳᠡᠭ᠂ ᠪᠢᠴᠢᠭ ᠮᠠᠲ᠋ᠧᠷᠢᠶᠠᠯ ᠤᠨ ᠪᠢᠴᠢᠭᠡᠰᠦ᠂ ᠬᠤᠷᠢᠶᠠᠵᠤ ᠲᠠᠷᠬᠠᠭᠠᠬᠤ ᠂ | ᠰᠢᠢᠳᠪᠦᠷᠢᠯᠡᠬᠦ ᠫᠷᠤᠭ᠍ᠷᠠᠮ ᠵᠡᠷᠭᠡ ᠵᠢᠵᠢᠭ ᠭᠠᠵᠠᠷ ᠲᠤ ᠠᠯᠪᠠᠨ ᠪᠢᠴᠢᠭ ᠰᠢᠢᠳᠪᠦᠷᠢᠯᠡᠬᠦ ᠠᠵᠢᠯ ᠢ ᠵᠢᠷᠤᠮᠵᠢᠭᠤᠯᠵᠤ᠂ | ᠨᠠᠷᠢᠨ ᠬᠢᠨᠠᠮᠠᠭᠠᠶ ᠳᠦᠷᠢᠮ ᠤᠨ ᠠᠭᠤᠯᠭ᠎ᠠ ᠶᠢ ᠲᠤᠤᠱᠯᠠᠭᠤᠯᠪᠠᠯ ᠰᠠᠶ᠋ᠢ ᠠᠯᠪᠠᠨ ᠪᠢᠴᠢᠭ ᠪᠢᠴᠢᠬᠦ ᠠᠵᠢᠯ ᠢᠶᠠᠨ ᠨᠡᠩ | ᠰᠠᠶᠢᠲᠤᠷ ᠬᠢᠵᠦ ᠴᠢᠳᠠᠨ᠎ᠠ ᠭᠡᠪᠡ᠃ ᠲᠡᠭᠡᠭᠡᠦᠠ᠂ ᠪᠠᠰᠠ ︽ᠨᠠᠮ ᠤᠨ ᠠᠵᠢᠯ ᠢ ᠢᠯᠡ ᠪᠣᠯᠭᠠᠬᠤ ᠲᠦᠷᠢᠮ︾ ᠤᠨ | ᠬᠠᠮᠢᠶ᠎ᠠ ᠪᠦᠬᠦᠢ ᠠᠭᠤᠯᠭ᠎ᠠ ᠵᠢᠴᠢ ᠦᠨᠳᠦᠰᠦᠨ ᠱᠠᠲᠤᠨ ᠤ ᠨᠠᠮ ᠤᠨ ᠬᠤᠷᠢᠶ᠎ᠠ ᠶᠢᠨ ᠨᠠᠮ ᠤᠨ ᠤᠳᠤᠷᠢᠳᠬᠤ | ᠳᠤᠭᠤᠶᠢᠯᠠᠩ ᠤᠨ ᠨᠠᠮ ᠤᠨ ᠠᠵᠢᠯ ᠢ ᠢᠯᠡ ᠪᠣᠯᠭᠠᠬᠤ ᠵᠢᠷᠤᠮ ᠤᠨ ᠲᠤᠬᠠᠶ ᠨᠠᠷᠢᠨ ᠲᠠᠶᠢᠯᠤᠮᠵᠢ ᠬᠢᠵᠡᠢ᠃ | ᠨᠢᠭᠡ ᠡᠳᠦᠷ ᠤᠨ ᠬᠤᠭᠤᠴᠠᠭ᠎ᠠ ᠲᠠᠢ ᠪᠣᠯᠪᠠᠰᠤᠷᠠᠯ ᠢᠶᠠᠷ ᠳᠠᠮᠵᠢᠭᠠᠳ ᠣᠯᠠᠨ ᠢᠶᠠᠷ ᠢᠶᠠᠨ ᠲᠤᠰ ᠤᠳᠠᠭᠠᠨ ᠤ | ᠪᠣᠯᠪᠠᠰᠤᠷᠠᠭᠤᠯᠤᠯ ᠤᠨᠠᠭᠤᠯᠭ᠎ᠠ ᠮᠠᠰᠢ ᠶᠡᠭᠡ ᠬᠡᠷᠡᠭᠯᠡᠭᠡᠨ ᠤ ᠤᠢᠷᠳᠡᠭ ᠲᠠᠢ ᠭᠡᠵᠤ ᠢᠯᠡᠷᠬᠡᠶᠢᠯᠡᠭᠰᠡᠨ ᠪᠠᠶᠢᠨ᠎ᠠ᠂ | ᠠᠯᠪᠠᠨ ᠪᠢᠴᠢᠭ ᠢ ᠰᠢᠢᠳᠪᠦᠷᠢᠯᠡᠬᠦ ᠠᠵᠢᠯ ᠵᠢᠷᠤᠮᠵᠢᠯ ᠂ ᠴᠢᠩᠭ᠎ᠠ ᠨᠢᠮᠪᠠᠶ᠂ ᠪᠣᠳᠠᠲᠤ ᠦᠷ᠎ᠡ ᠠᠰᠢᠭ ᠢ | ᠪᠤᠳᠤᠯᠬᠢᠯᠠᠬᠤ ᠠᠴᠠ ᠭᠠᠳᠠᠨ᠎ᠠ ᠯᠠᠪᠳᠠᠭᠤᠨ ᠪᠣᠯᠭᠤᠮᠵᠢᠲᠠᠶ᠂ | ᠪᠣᠳᠠᠴᠢᠯᠠᠬᠤ᠂ ᠬᠠᠷᠢᠭᠤᠴᠠᠯᠭ᠎ᠠ ᠶᠢᠨ ᠣᠪᠣᠷ ᠪᠠᠶᠢᠬᠤ ᠬᠡᠷᠡᠭᠲᠡᠢ᠃ ᠭᠠᠭᠴᠠ ᠬᠦ ᠴᠢᠷᠮᠠᠶᠢᠵᠤ᠂ ᠨᠠᠷᠢᠨ ᠰᠤᠳᠤᠯᠵᠤ ᠂ | ᠨᠢᠮᠪᠠᠶ ᠲᠤᠰᠬᠠᠶᠢᠷᠠᠭᠤᠯᠪᠠᠯ ᠰᠠᠶ᠋ᠢ ᠡᠩᠨᠡᠭᠡ ᠶᠢᠨ ᠪᠦᠬᠦᠯᠢ ᠴᠣᠭᠴᠠ ᠶᠢᠨ ᠬᠡᠪ ᠴᠢᠨᠠᠷ ᠪᠣᠯᠤᠨ ᠠᠵᠢᠯᠯᠠᠭᠠᠨ ᠤ ᠦᠷ᠎ᠡ | ᠠᠰᠢᠭ ᠢ ᠳᠡᠭᠡᠭᠰᠢᠯᠡᠭᠦᠯᠵᠦ ᠳᠡᠶᠢᠯᠦᠨ᠎ᠡ ᠭᠡᠪᠡ᠃ ︵ᠰᠢᠨ᠎ᠡ ᠵᠠᠭᠤᠴᠢᠯᠠᠭᠤᠷ ᠤᠨ ᠲᠥᠪ ᠵᠠᠩ ᠱᠦ ᠨᠢᠩ ᠪᠥᠸᠧ | ᠲᠤᠤ︶ |